ᠤᠷᠠᠳ ᠤᠨ ᠲᠤᠮᠳᠠᠳᠤ ᠬᠤᠰᠢᠭᠤᠨ ᠤ ᠨᠡᠷᠡᠳᠤ ᠬᠦᠮᠦᠰ ᠤᠨ ᠨᠠᠮᠳᠠᠷ — ᠵᠠᠩ ᠹᠦ᠋ ᠰᠢᠩ
ᠨᠡᠶᠢᠲᠡᠯᠡᠭᠰᠡᠨ ᠴᠠᠭ᠄
2024/8/28
       ᠵᠠᠩ ᠹᠦ᠋ ᠰᠢᠩ ︵1938.10.21 — 1988.8.13︶ ᠡᠷᠡᠭᠳᠡᠢ᠂ ᠬᠢᠳᠠᠳ ᠦᠨᠳᠤᠰᠤᠳᠡᠨ᠂ ᠤᠷᠠᠳ ᠤᠨ ᠲᠤᠮᠳᠠᠳᠤ ᠬᠤᠰᠢᠭᠤᠨ ᠤ ᠲᠡᠯ ᠠᠭᠤᠯᠠ ᠰᠢᠶᠠᠩ ᠤᠨ ᠰᠢ ᠢ ᠲᠠᠩ ᠲᠤᠰᠬᠤᠨ ᠤ ᠭᠦᠮᠤᠨ᠃ ᠲᠤᠮᠳᠠᠳᠤ ᠤᠯᠤᠰ ᠤᠨ ᠡᠪ ᠬᠠᠮᠳᠤ ᠨᠠᠮ ᠤᠨ ᠬᠡᠰᠢᠭᠦᠨ᠂ ᠦᠪᠤᠷ ᠮᠤᠩᠭᠤᠯ ᠤᠨ ᠠᠵᠤ ᠤᠶᠢᠯᠡᠳᠪᠤᠷᠢ ᠶᠢᠨ ᠲᠡᠭᠡᠳᠤ ᠰᠤᠷᠭᠠᠭᠤᠯᠢ ᠶᠢᠨ ᠡᠳ᠋ ᠮᠠᠲ᠋ᠧᠷᠢᠶᠠᠯ ᠪᠠᠷᠢᠯᠭ᠎ᠠ ᠶᠢᠨ ᠰᠠᠯᠪᠤᠷᠢ ᠶᠢᠨ ᠲᠡᠳ᠋ ᠫᠷᠤᠹᠧᠰᠰᠤᠷ᠃       1965 ᠤᠨ ᠤ 8 ᠳ᠋ᠤᠭᠠᠷ ᠰᠠᠷ᠎ᠠ ᠳᠤ ᠲᠡᠷᠡ ᠦᠪᠤᠷ ᠮᠤᠩᠭᠤᠯ ᠤᠨ ᠠᠵᠤ ᠤᠶᠢᠯᠡᠳᠪᠤᠷᠢ ᠶᠢᠨ ᠲᠡᠭᠡᠳᠤ ᠰᠤᠷᠭᠠᠭᠤᠯᠢ ᠶᠢᠨ ᠴᠢᠳᠬᠤᠵᠤ ᠤᠶᠢᠯᠡᠳᠬᠦ ᠰᠠᠯᠪᠤᠷᠢ ᠠᠴᠠ ᠲᠡᠭᠦᠰᠴᠦ᠂ ᠰᠤᠷᠭᠠᠭᠤᠯᠢ ᠳᠠᠭᠠᠨ ᠬᠤᠴᠤᠷᠴᠦ ᠮᠧᠬᠠᠨᠢᠭ ᠤᠨ ᠬᠤᠶᠠᠳᠤᠭᠠᠷ ᠰᠠᠯᠪᠤᠷᠢ ᠶᠢᠨ ᠴᠢᠳᠬᠤᠵᠤ ᠤᠶᠢᠯᠳᠬᠦ ᠰᠤᠳᠤᠯᠭᠠᠨ ᠤ ᠲᠠᠰᠤᠭ ᠲᠤ ᠵᠢᠭᠠᠨ ᠰᠤᠷᠭᠠᠬᠤ ᠪᠡ ᠰᠤᠳᠤᠯᠭᠠᠨ ᠤ ᠠᠵᠢᠯ ᠬᠢᠵᠠᠢ᠃ ᠲᠡᠷᠡ ᠬᠢᠴᠢᠶᠡᠯ ᠵᠢᠭᠠᠬᠤ ᠳᠠᠭᠠᠨ ᠴᠢᠩᠭ᠎ᠠ ᠬᠢᠨᠠᠮᠠᠭᠠᠢ᠂ ᠤᠨᠤᠯ ᠢ ᠪᠤᠳᠠᠳᠠᠢ ᠲᠠᠢ ᠤᠶᠠᠯᠳᠤᠭᠤᠯᠬᠤ᠂ ᠦᠪᠡᠷ  ᠢᠶᠠᠨ ᠬᠢᠴᠢᠶᠡᠯᠯᠡᠭᠦ ᠮᠡᠲ᠋ᠧᠷᠢᠶᠡᠯ ᠨᠠᠶᠢᠷᠠᠭᠤᠯᠤᠨ᠂ ᠰᠢᠷᠭᠠᠭᠤ ᠬᠠᠳᠠᠭᠤᠵᠢᠯᠳᠠᠢ ᠪᠠᠷ ᠰᠤᠷᠤᠭᠴᠢ ᠪᠠᠨ ᠭᠦᠮᠤᠵᠢᠭᠦᠯᠳᠡᠭ᠃ ᠲᠡᠷᠡ ᠠᠩᠭᠢ ᠶᠢᠨ ᠡᠷᠭᠢᠯᠡᠭᠴᠢ ᠪᠠᠶᠢᠬᠤ  ᠳᠠᠭᠠᠨ ᠲᠠᠭᠠᠭᠤᠯᠵᠤ ᠡᠷᠬᠢᠯᠡᠭᠰᠡᠨ ᠠᠩᠭᠢ ᠨᠢ ᠪᠦᠬᠦ ᠰᠤᠷᠭᠠᠭᠤᠯᠢ ᠶᠢᠨ ︽ᠰᠢᠯᠢᠳᠡᠭ ᠬᠠᠮᠳᠤ ᠨᠡᠶᠢᠳᠡ ᠪᠠᠷ ᠰᠤᠩᠭᠤᠭᠳᠠᠪᠡ᠃ ᠲᠡᠷᠡ ᠬᠠᠶᠢᠯᠤᠰᠢᠨ ᠲᠡᠮᠦᠷᠯᠢᠭ ᠮᠡᠲ᠋ᠧᠷᠢᠶᠡᠯ ᠤᠨ ᠴᠢᠳᠬᠤᠮᠠᠯ ᠢ ᠰᠤᠳᠤᠯᠤᠭᠰᠠᠨ ᠲᠠᠯ᠎ᠠ ᠪᠠᠷ ᠬᠠᠳᠠᠭᠤᠵᠢᠯᠳᠠᠢ ᠰᠢᠮᠳᠠᠵᠤ᠂ ᠡᠭᠦᠳᠦᠯᠳᠡ ᠭᠠᠷᠭᠠᠪᠡ᠃ ᠲᠡᠷᠡ ᠦᠪᠤᠷ ᠮᠤᠩᠭᠤᠯ ᠤᠨ ᠴᠢᠳᠬᠤᠮᠠᠯ ᠤᠨ ᠨᠡᠶᠢᠭᠡᠮᠯᠢᠭ ᠤᠨ ᠬᠡᠷᠡᠭ ᠡᠷᠬᠢᠯᠡᠭᠴᠢ᠂ ᠨᠠᠷᠢᠨ ᠪᠢᠴᠢᠭ ᠤᠨ ᠲᠠᠷᠤᠭ᠎ᠠ ᠶᠢ ᠬᠠᠪᠰᠤᠷᠭᠠᠨ ᠬᠠᠷᠢᠭᠤᠴᠠᠵᠤ᠂ ᠲᠤᠮᠳᠠᠳᠤ ᠤᠯᠤᠰ ᠤᠨ ᠮᠸᠠᠬᠠᠨᠢᠭ ᠤᠨ ᠪᠠᠷᠢᠯᠭ᠎ᠠ ᠶᠢᠨ ᠨᠡᠶᠢᠭᠡᠮᠯᠢᠭ ᠤᠨ ︽ᠪᠦᠬᠦ ᠤᠯᠤᠰ ᠤᠨ ᠨᠡᠶᠢᠭᠡᠮᠯᠢᠭ ᠤᠨ ᠠᠵᠢᠯ ᠤᠨ ᠢᠳᠡᠪᠬᠢᠳᠡᠨ︾ ᠤ ᠨᠡᠷᠡᠶᠢᠳᠤᠯ ᠢ ᠤᠯᠵᠠᠢ᠃ ᠲᠡᠭᠦᠨ ᠤ ᠲᠤᠰᠬᠠᠢ ᠵᠤᠬᠢᠶᠠᠯ ᠪᠦᠳᠤᠭᠡᠯ  ᠳᠤ ︽ᠬᠤᠪᠤᠷ ᠰᠢᠷᠤᠢ — ᠮᠠᠭᠨᠢ ᠶᠢᠨ ᠪᠦᠮᠪᠦᠭᠡᠯᠢᠭ ᠬᠠᠷ᠎ᠠ ᠴᠢᠳᠬᠤᠮᠠᠯ ᠰᠢᠷᠠᠮᠤ ᠶᠢᠨ ᠤᠶᠢᠯᠡᠳᠪᠤᠷᠢᠯᠡᠯ︾ ︵1973 ᠤᠨ ᠳᠤ ᠦᠪᠤᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶᠠᠨ ᠠᠴᠠ ᠬᠡᠪᠯᠡᠪᠡ︶ ᠭᠡᠳᠡᠭ ᠵᠤᠬᠢᠶᠠᠯ ᠪᠠᠶᠢᠨ᠎ᠠ᠃ ᠦᠬᠦᠯᠡᠯ ᠨᠢ ︽ᠡᠯᠪᠡᠭ ᠼᠧᠷᠢ ᠬᠤᠪᠤᠷ ᠰᠢᠷᠤᠢ ᠴᠠᠬᠢᠭᠤᠷ ᠲᠡᠮᠤᠷ ᠤᠨ ︵Ce20 ᠬᠠᠶᠢᠯᠤᠰᠢᠨ ᠤ ᠭᠦᠷᠪᠡᠯᠵᠡᠭᠦ ᠡᠮ︶︾ ︵1984 ᠤᠨ ᠤ ︽ᠪᠦᠮᠪᠦᠭᠡᠯᠢᠭ ᠲᠡᠮᠦᠷᠯᠢᠭ︾ ᠤᠨ ᠭᠤᠷᠪᠠᠳᠤᠭᠠᠷ ᠬᠤᠭᠤᠴᠠᠭ᠎ᠠ ᠪᠠᠶᠢᠨ᠎ᠠ︶᠂ 1985 ᠤᠨ ᠳᠤ ᠤᠯᠤᠰ ᠤᠨ ᠴᠢᠳᠬᠤᠮᠠᠯ ᠤᠨ ᠵᠦᠪᠯᠡᠯ ᠤᠨ ᠬᠡᠪᠯᠡᠭᠰᠡᠨ ︽ᠬᠤᠪᠤᠷ ᠰᠢᠷᠤᠢ ᠶᠢᠨ ᠬᠠᠶᠢᠯᠤᠰᠢᠨ ᠤ ᠴᠢᠳᠬᠤᠮᠠᠯ ᠲᠤᠮᠳᠠᠬᠢ ᠠᠰᠢᠭᠯᠠᠯᠳᠠ︾ ᠭᠡᠰᠡᠨ ᠨᠤᠮ ᠳᠤ ᠰᠤᠩᠭᠤᠵᠤ ᠤᠷᠤᠭᠤᠯᠭ᠍ᠰᠠᠨ ᠤ ᠬᠠᠮᠳᠤ ᠤᠯᠤᠰ ᠤᠨ ᠮᠧᠬᠠᠨᠢᠭ ᠤᠨ ᠵᠦᠪᠯᠡᠯ ᠤᠨ ᠱᠠᠨᠳᠦ᠋ᠩ ᠤᠨ ᠵᠢᠷᠤᠭ ᠲᠦᠯᠤᠪᠯᠡᠯᠭᠡ ᠶᠢᠨ ᠭᠦᠷᠢᠶᠡᠯᠡᠩ  ᠠᠴᠠ ᠨᠠᠶᠢᠷᠠᠭᠤᠯᠤᠭᠰᠠᠨ ︽ᠭᠦᠷᠪᠡᠯᠵᠡᠭᠦ ᠲᠡᠮᠤᠷ ᠤᠨ ᠵᠤᠬᠢᠶᠠᠯ ᠤᠨ ᠲᠡᠭᠦᠪᠤᠷᠢ︾ ᠳᠤ ᠤᠷᠤᠭᠤᠯᠪᠡ︔ ᠲᠡᠭᠦᠨ ᠤ ᠦᠭᠦᠯᠡᠯ ︽ᠴᠢᠳᠬᠤᠮᠠᠯ ᠤᠨ ᠲᠤᠮᠳᠠᠭᠢ ᠬᠤᠪᠤᠷ ᠰᠢᠷᠤᠢ ᠶᠢᠨ ᠡᠯᠧᠮᠧᠨ᠋ᠲ ᠤᠨ ᠤᠶᠢᠯᠡᠳᠤᠯ︾ ︽ᠬᠤᠶᠠᠷ ᠮᠦᠷ ᠬᠠᠯᠠᠭᠤᠨ ᠰᠠᠯᠬᠢ ᠦᠯᠢᠶᠡᠬᠦ ᠵᠢᠵᠢᠭ ᠵᠤᠭᠰᠤᠭ᠎ᠠ ᠵᠤᠤᠬ᠎ᠠ︾ ︽ᠪᠦᠮᠪᠦᠭᠡᠯᠢᠭ ᠬᠠᠷ᠎ᠠ ᠰᠢᠷᠠᠮᠤ ᠶᠢ ᠰᠶᠢᠳᠪᠤᠷᠢᠯᠡᠬᠦ ᠤᠶᠢᠯᠡᠳᠤᠯ ᠤᠨ ᠵᠢᠮ᠎ᠡ ᠶᠤᠰᠤ ᠶᠢᠨ ᠲᠤᠬᠠᠢ ᠬᠡᠰᠡᠭ ᠰᠤᠳᠤᠯᠭ᠎ᠠ︾ ︽ᠭᠤᠷᠪᠠᠨ ᠲᠦᠷᠦᠯ ᠤᠨ ᠦᠨᠳᠤᠰᠤᠨ ᠵᠤᠤᠬ᠎ᠠ ᠶᠢᠨ ᠵᠢᠮ᠎ᠡ ᠬᠠᠤᠯᠢ ᠬᠢᠭᠡᠳ ᠠᠰᠢᠭᠯᠠᠯᠳᠠ ᠶᠢᠨ ᠵᠠᠳᠠᠯᠤᠯᠳᠠ︾ ︽ᠬᠤᠪᠤᠷ ᠰᠢᠷᠤᠢ ᠮᠠᠭᠨᠢ ᠶᠢᠨ ᠪᠦᠮᠪᠤᠭᠡᠯᠢᠭ ᠬᠠᠷ᠎ᠠ ᠰᠢᠷᠡᠮᠤ ᠶᠢᠨ ᠴᠢᠨᠠᠷ ᠢ ᠲᠤᠭᠳᠠᠪᠤᠷᠢᠵᠢᠭᠤᠯᠬᠤ ᠲᠤᠬᠠᠢ ᠬᠡᠳᠤᠨ ᠤᠶᠢᠯᠠᠭᠠᠯᠳᠠ︾ ︽ᠬᠠᠶᠢᠯᠤᠮᠠᠯ ᠲᠡᠮᠤᠷ ᠤᠨ ᠴᠢᠨᠠᠷ ᠨᠢ ᠴᠢᠳᠬᠤᠮᠠᠯ ᠰᠢᠷᠠᠮᠤ ᠶᠢᠨ ᠲᠤᠳᠠᠭᠳᠠᠯ ᠳᠤ ᠦᠵᠡᠭᠦᠯᠭᠦ ᠨᠦᠯᠤᠭᠡ︾ ᠵᠡᠷᠭᠡ ᠪᠠᠨ ᠴᠦᠮ ᠤᠷᠤᠨ  ᠤ ᠲᠤᠳᠤᠷ ᠭᠠᠳᠠᠨᠠᠬᠢ ᠪᠤᠶᠤ ᠤᠯᠤᠰ ᠤᠨ ᠲᠤᠳᠤᠭᠠᠳᠤ ᠶᠢᠨ ᠲᠤᠰᠬᠠᠢ ᠰᠡᠳᠭᠦᠯ ᠳᠤ ᠨᠡᠶᠢᠳᠡᠯᠡᠭᠰᠡᠨ ᠪᠦᠭᠡᠳ ᠨᠡᠶᠢᠭᠡᠮᠯᠢᠭ ᠤᠨ ᠬᠤᠷᠠᠯ ᠲᠡᠭᠡᠷ᠎ᠡ ᠤᠩᠰᠢᠵᠤ ᠶᠠᠷᠢᠭᠰᠠᠨ ᠶᠤᠮ᠃       ᠲᠡᠷᠡ ᠠᠮᠢᠳᠤᠷᠠᠯ ᠳᠠᠭᠠᠨ ᠪᠤᠷᠤᠭᠵᠢᠭᠤᠨ᠂ ᠰᠤᠷᠳᠠᠯ ᠨᠢ ᠲᠦᠪ᠂ ᠠᠰᠪᠤᠷᠢ ᠴᠠᠭᠠᠪᠤᠷᠢ᠂ ᠪᠤᠰᠤᠳ ᠢ ᠬᠠᠪᠰᠤᠷᠬᠤ ᠲᠤᠷ᠎ᠠ ᠲᠠᠢ ᠪᠠᠶᠢᠳᠠᠭ᠃ 1985 ᠤᠨ ᠳᠤ ᠲᠡᠷᠡ ᠦᠪᠤᠷ ᠮᠤᠩᠭᠤᠯ ᠤᠨ ᠠᠵᠤ ᠠᠬᠤᠢ ᠶᠢᠨ ᠵᠦᠪᠯᠡᠯ ᠠᠴᠠ ᠪᠠᠭᠤᠯᠭᠠᠭᠰᠠᠨ ᠮᠡᠷᠭᠡᠵᠢᠯ ᠤᠨ ᠪᠤᠭᠤᠮᠳᠠ ᠰᠢᠪᠳᠤᠯᠬᠤ ᠰᠡᠳᠤᠪ — ᠲᠠᠬᠢᠨ ᠬᠠᠶᠢᠯᠠᠭᠠᠬᠤ ᠲᠡᠮᠤᠷ ᠠᠴᠠ ᠭᠦᠭᠦᠷ ᠰᠠᠯᠭᠠᠬᠤ ᠡᠭᠦᠷᠭᠡ ᠶᠢ ᠪᠡᠶᠡᠯᠡᠭᠦᠯᠦᠭᠰᠡᠨ ᠢᠶᠠᠷ ᠦᠯᠤ ᠪᠠᠷᠠᠨ ᠪᠠᠰᠠ ᠰᠠᠨᠠᠭᠠᠴᠢᠯᠠᠭ᠎ᠠ ᠠᠴᠠ ᠪᠠᠨ ᠤᠶᠢᠯᠡᠳᠪᠤᠷᠢ᠂ ᠰᠢᠶᠠᠩ ᠪᠠᠯᠭᠠᠰᠤᠨ ᠤ ᠠᠵᠤ ᠠᠬᠤᠶᠢᠯᠠᠯ ᠳᠤ ᠢᠳᠡᠪᠬᠢᠳᠡᠢ ᠪᠠᠷ ᠮᠡᠷᠬᠡᠵᠢᠯ ᠤᠨ ᠤᠶᠢᠯᠡᠴᠢᠯᠭᠡ ᠬᠢᠵᠤ᠂ ᠤᠶᠢᠯᠡᠳᠪᠤᠷᠢᠯᠡᠯ ᠤᠨ ᠮᠡᠷᠭᠡᠵᠢᠯ ᠤᠨ ᠭᠦᠴᠢᠷ ᠪᠡᠷᠬᠡ ᠪᠤᠭᠤᠮᠳᠠ ᠶᠢ ᠬᠠᠪᠰᠤᠷᠤᠨ ᠰᠢᠪᠳᠤᠯᠵᠤ᠂ ᠠᠵᠢᠯᠴᠢᠳ ᠲᠤ ︽ᠪᠠᠷᠰ︾ ︵ᠠᠵᠢᠯ ᠳᠠᠭᠠᠨ ᠪᠠᠷᠰ ᠰᠢᠭ ᠵᠤᠷᠢᠭ ᠭᠦᠴᠦᠨ ᠲᠠᠢ︶ ᠬᠡᠵᠤ ᠮᠠᠬᠳᠠᠬᠳᠠᠵᠤ ᠪᠠᠶᠢᠪᠡ᠃ ᠲᠡᠷᠡ ᠪᠠᠰᠠ ᠲᠤᠷᠦ᠋ᠢᠳᠠᠨ ᠡᠭᠦᠳᠡ ᠪᠠᠨ ᠬᠠᠭᠠᠬᠤ ᠬᠡᠵᠤ ᠪᠠᠶᠢᠭ᠎ᠠ ᠬᠦᠬᠡᠬᠤᠳᠠ ᠶᠢᠨ ᠰᠠᠯᠬᠢᠨ ᠮᠠᠰᠢᠨ ᠤ ᠤᠶᠢᠯᠡᠳᠪᠤᠷᠢ ᠶᠢ ᠬᠠᠪᠰᠤᠷᠴᠦ ᠪᠠᠶᠢᠭᠠᠳ ᠪᠦᠬᠦ ᠤᠯᠤᠰ ᠤᠨ ᠠᠵᠤ ᠤᠶᠢᠯᠡᠳᠪᠤᠷᠢ  ᠶᠢᠨ ᠪᠦᠳᠤᠭᠡᠭᠳᠡᠭᠦᠨ ᠤᠶᠢᠯᠡᠳᠪᠤᠷᠢᠯᠡᠭᠦ ᠵᠦᠪᠰᠢᠶᠡᠷᠡᠯ ᠤᠨ ᠦᠨᠡᠮᠯᠡᠯ ᠢ ᠲᠡᠮᠡᠴᠡᠨ ᠤᠯᠵᠤ᠂ ᠲᠤᠰ ᠤᠶᠢᠯᠡᠳᠪᠤᠷᠢ ᠶᠢ ᠲᠠᠬᠢᠨ ᠠᠮᠢᠯᠠᠭᠤᠯᠵᠤ᠂ ᠬᠦᠬᠡᠬᠤᠳᠠ ᠶᠢᠨ ᠲᠡᠭᠦᠷᠬᠡ ᠶᠢᠨ ᠠᠰᠢᠭ ᠭᠠᠶᠢᠯᠢ ᠶᠢᠨ ᠲᠤᠮᠤ ᠨᠢᠭᠡᠴᠡ ᠪᠤᠯᠭᠠᠵᠠᠢ᠃ ᠪᠤᠭᠤᠳᠤ ᠶᠢᠨ ᠠᠷᠠᠳ ᠤᠨ ᠬᠡᠷᠡᠭᠯᠡᠭᠡᠨ ᠤ ᠴᠢᠳᠬᠤᠮᠠᠯ ᠤᠨ ᠤᠶᠢᠯᠡᠳᠪᠤᠷᠢ᠂ ᠳ᠋ᠦᠩ ᠡᠾᠧ ᠶᠢᠨ ᠴᠢᠳᠬᠤᠮᠠᠯ ᠤᠨ ᠤᠶᠢᠯᠡᠳᠪᠤᠷᠢ ᠪᠡ ᠪᠠᠶᠠᠨᠨᠠᠭᠤᠷ ᠠᠶᠢᠮᠠᠭ ᠤᠨ ᠭᠤᠯᠢᠷ ᠲᠠᠯᠬᠠᠳᠠᠬᠤ ᠮᠠᠰᠢᠨ ᠤ ᠤᠶᠢᠯᠡᠳᠪᠤᠷᠢ ᠳᠤ ᠴᠦ ᠲᠡᠷᠡ ᠤᠯᠠ ᠮᠦᠷ ᠢᠶᠠᠨ ᠦᠯᠡᠳᠡᠭᠡᠵᠤ᠂ ᠬᠦᠴᠦ ᠪᠠᠨ ᠡᠷᠭᠦᠭᠰᠡᠨ ᠪᠢᠯᠡ᠃       1988 ᠤᠨ ᠤ 8 ᠳ᠋ᠤᠭᠠᠷ ᠰᠠᠷ᠎ᠠ ᠶᠢᠨ 13 ᠤ ᠡᠳᠤᠷ᠂ ᠵᠠᠩ ᠹᠦ᠋ ᠰᠢᠩ ᠶᠠᠳᠠᠷᠠᠯ ᠵᠦᠳᠡᠷᠡᠯ ᠠᠴᠠ ᠪᠤᠯᠵᠤ ᠡᠪᠡᠳᠴᠢᠨ ᠭᠡᠮ ᠰᠠᠭᠤᠭᠠᠳ ᠬᠠᠷᠠᠮᠰᠠᠯᠳᠠᠢ ᠪᠠᠷ ᠡᠪᠡᠳᠴᠢᠨ ᠢᠶᠠᠷ ᠨᠠᠰᠤ ᠪᠠᠷᠠᠪᠡ᠂ ᠲᠤᠰ ᠵᠢᠯ 50 ᠨᠠᠰᠤᠳᠠᠢ᠃                ︽ᠤᠷᠠᠳ ᠤᠨ ᠲᠤᠮᠳᠠᠳᠤ ᠬᠤᠰᠢᠭᠤᠨ ᠤ ᠣᠶᠢᠯᠠᠯᠭ᠎ᠠ︾ ᠠᠴᠠ ᠪᠠᠭᠤᠯᠭᠠᠪᠠ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ