ᠦᠨᠢᠷ ᠪᠠᠶᠠᠯᠢᠭ ᠦᠵᠡᠰᠬᠦᠯᠡᠩᠲᠦ ᠰᠠᠶᠢᠬᠠᠨ ᠤᠷᠤᠨ ᠨᠤᠳᠤᠭ ᠪᠣᠯ ᠦᠪᠦᠷ ᠮᠣᠩᠭᠤᠯ ᠤᠨ ᠦᠨᠳᠦᠷᠯᠢᠭ ᠤᠨ ᠪᠠᠷᠠᠭᠤᠨ ᠪᠡᠶ᠎ᠡ ᠪᠠᠷ ᠤᠷᠤᠰᠢᠵᠤ᠂ ᠤᠮᠠᠷᠠᠳᠤ | ᠦᠷᠭᠡᠷᠢᠭ ᠤᠨ 41。07、 — 42。28 、᠂ ᠵᠡᠭᠦᠨ ᠣᠷᠳᠤᠷᠢᠭ ᠤᠨ 107。16 、 — 109。42、 ᠤᠨ ᠬᠤᠭᠤᠷᠤᠨᠳᠤ ᠪᠠᠶᠢᠷᠢᠰᠢᠵᠤ | ᠂ ᠵᠡᠭᠦᠨᠰᠢ ᠪᠠᠷᠠᠭᠤᠨᠰᠢ ᠪᠠᠨ ᠪᠠᠷᠤᠭ 378 ᠺᠢᠯᠤᠮᠧᠳ᠋ᠷ᠂ ᠡᠮᠤᠨᠡᠰᠢ ᠤᠮᠠᠷᠠᠰᠢ ᠪᠠᠨ ᠪᠠᠷᠤᠭ 170 ᠺᠢᠯᠤᠮᠧᠳ᠋ᠷ ᠵᠠᠶᠢᠲᠠᠢ᠂ ᠵᠡᠭᠦᠨᠰᠢ ᠪᠠᠷᠠᠭᠤᠨᠰᠢ ᠦᠷᠭᠡᠨ ᠢᠶᠠᠷ ᠢᠶᠠᠨ | 203.8 ᠺᠢᠯᠤᠮᠧᠳ᠋ᠷ ᠵᠠᠶᠢᠲᠠᠢ᠂ ᠪᠠᠷᠤᠭᠴᠠᠭᠠᠯᠠᠪᠠᠯ ᠨᠡᠶᠢᠲᠡ 64260 ᠲᠡᠭᠰᠢ ᠳᠦᠷᠪᠡᠯᠵᠢᠨ ᠺᠢᠯᠤᠮᠧᠳ᠋ᠷ ᠲᠠᠯᠠᠪᠠᠢ ᠲᠠᠢ ᠶᠤᠮ᠃ ᠪᠠᠷᠠᠭᠤᠨ ᠬᠤᠶᠢᠨ᠎ᠠ ᠪᠠᠨ ᠠᠯᠳᠠᠨ | ᠬᠠᠷᠭᠤᠨ᠎ᠠ ᠠᠭᠤᠯᠠ ᠶᠢᠨ ᠠᠷᠤ ᠬᠤᠷᠮᠤᠢ ᠠᠴᠠ ᠮᠣᠩᠭᠤᠯ ᠤᠯᠤᠰ ᠤᠨ ᠬᠢᠯᠢ ᠬᠦᠷᠲᠡᠯᠡᠬᠢ ᠭᠠᠵᠠᠷ ᠦᠨᠳᠦᠷᠯᠢᠭ ᠤᠨ ᠲᠠᠯ᠎ᠠ ᠨᠤᠲᠤᠭ ᠲᠤ ᠪᠠᠭᠲᠠᠵᠤ᠂ ᠲᠠᠯᠠᠢ ᠶᠢᠨ | ᠲᠦᠪᠰᠢᠨ ᠠᠴᠠ ᠲᠤᠮᠳᠠᠴᠢ ᠪᠠᠷ 1020 — 1400 ᠮᠧᠳ᠋ᠷ ᠡᠷᠭᠦᠭᠳᠡᠵᠦ᠂ ᠶᠡᠷᠦᠩᠬᠡᠢ ᠲᠠᠯᠠᠪᠠᠢ ᠨᠢ 30600 ᠲᠡᠭᠰᠢ ᠳᠦᠷᠪᠡᠯᠵᠢᠨ ᠺᠢᠯᠤᠮᠧᠳ᠋ᠷ ᠪᠠᠶᠢᠳᠠᠭ᠃ | ᠲᠡᠯᠡᠬᠡᠢ ᠶᠢᠨ ᠪᠦᠮᠪᠦᠷᠴᠡᠭ ᠤᠨ ᠰᠢᠨ᠎ᠡ ᠪᠦᠲᠦᠴᠡ ᠶᠢᠨ ᠠᠵᠢᠯᠯᠠᠭ᠎ᠠ ᠶᠢᠨ ᠦᠶ᠎ᠡ ᠳᠤ ᠡᠮᠦᠨ᠎ᠡ ᠲᠠᠯ᠎ᠠ ᠶᠢᠨ ᠠᠯᠳᠠᠨ ᠬᠠᠷᠭᠤᠨ᠎ᠠ ᠠᠭᠤᠯᠠ ᠨᠢᠷᠤᠭᠤ ᠬᠦᠴᠦᠲᠡᠢ | ᠡᠷᠭᠦᠭᠳᠡᠭᠡᠳ ᠬᠤᠶᠢᠰᠢ ᠪᠠᠨ ᠬᠠᠵᠠᠶᠢᠭᠰᠠᠨ ᠲᠠᠯ᠎ᠠ ᠲᠤᠪᠤᠴᠠᠭ ᠦᠷᠭᠦᠯᠵᠢᠯᠡᠭᠰᠡᠨ ᠲᠡᠨᠢᠭᠡᠷ ᠠᠭᠤᠳᠠᠮ ᠦᠨᠳᠦᠷᠯᠢᠭ ᠤᠨ ᠲᠠᠯ᠎ᠠ ᠨᠤᠲᠤᠭ ᠢ ᠪᠣᠢ ᠪᠣᠯᠭᠠᠵᠠᠢ᠃ | ᠤᠷᠠᠳ ᠤᠨ ᠲᠠᠯ᠎ᠠ ᠨᠤᠳᠤᠭ ᠪᠣᠯ ᠬᠠᠭᠠᠰ ᠴᠦᠯᠯᠡᠷᠭᠡᠭ ᠮᠠᠶ᠋ᠢᠭ ᠤᠨ ᠲᠦᠷᠦᠯ ᠵᠦᠢᠯ ᠳᠤ ᠪᠠᠭᠳᠠᠵᠤ᠂ ᠦᠩᠰᠢᠭ ᠰᠠᠶᠢᠬᠠᠨ ᠪᠠᠶᠢᠭᠠᠯᠢ ᠶᠢᠨ ᠪᠡᠯᠴᠢᠭᠡᠷ ᠪᠤᠯᠤᠨ | ᠲᠤᠭᠳᠠᠭᠰᠠᠨ ᠪᠠᠶᠢᠳᠠᠭ᠃ ᠡᠷᠲᠡ ᠠᠴᠠ ᠠᠪᠤᠭᠠᠳ ᠡᠨᠡ ᠰᠠᠶᠢᠬᠠᠨ ᠲᠠᠯ᠎ᠠ ᠨᠤᠲᠤᠭ ᠳᠡᠭᠡᠷ᠎ᠡ ᠲᠠᠪᠤᠨ ᠬᠤᠰᠢᠭᠤ ᠮᠠᠯ ᠦᠨᠢᠷ ᠦᠰᠦᠭᠡᠳ ᠲᠦᠬᠦᠮ ᠢᠶᠠᠷ ᠳᠦᠭᠦᠷᠡᠩ | ᠦᠷᠡᠵᠢᠵᠦ᠂ ᠢᠯᠠᠩᠭᠤᠶ᠎ᠠ ᠬᠤᠶᠠᠷ ᠪᠤᠭᠲᠠ ᠶᠢᠨ ᠴᠠᠭᠠᠨ ᠢᠮᠠᠭ᠎ᠠ᠂ ᠭᠤᠪᠢ ᠶᠢᠨ ᠤᠯᠠᠭᠠᠨ ᠲᠡᠮᠡᠭᠡ ᠨᠢ ᠳᠠᠶᠠᠩ ᠲᠡᠯᠡᠬᠡᠢ ᠳᠤ ᠠᠯᠳᠠᠷᠰᠢᠭᠰᠠᠨ ᠶᠤᠮ᠃ ᠠᠯᠳᠠᠨ | ᠬᠠᠷᠭᠤᠨ᠎ᠠ ᠠᠭᠤᠯᠠ ᠶᠢᠨ ᠪᠠᠶᠢᠴᠠ ᠪᠠᠷ ᠬᠤᠶᠠᠷ ᠪᠤᠭᠲᠠ ᠶᠢᠨ ᠠᠭᠤᠯᠠ᠂ ᠰᠠᠷᠢᠳᠠᠭ ᠠᠭᠤᠯᠠ ᠪᠠ ᠮᠣᠨᠠ ᠠᠭᠤᠯᠠ ᠵᠡᠷᠭᠡ ᠭᠤᠷᠪᠠᠨ ᠲᠤᠮᠤ ᠠᠭᠤᠯᠠ ᠰᠦᠨᠳᠡᠷᠯᠡᠨ | ᠪᠠᠶᠢᠳᠠᠭ᠃ ᠭᠡᠬᠦ ᠳᠤ ᠪᠠᠨ ᠬᠤᠶᠠᠷ ᠪᠤᠭᠲᠠ ᠶᠢᠨ ᠠᠭᠤᠯᠠ ᠨᠢ ᠳᠠᠯᠠᠢ ᠶᠢᠨ ᠲᠦᠪᠰᠢᠨ ᠠᠴᠠ 1893 ᠮᠧᠳ᠋ᠷ ᠡᠷᠭᠦᠭᠳᠡᠵᠦ᠂ ᠮᠣᠨᠠ ᠶᠢᠨ ᠰᠢᠷ᠎ᠠ ᠤᠷᠤᠢ ᠨᠢ | ᠳᠠᠯᠠᠢ ᠶᠢᠨ ᠲᠦᠪᠰᠢᠨ ᠠᠴᠠ 2324 ᠮᠧᠳ᠋ᠷ ᠡᠷᠭᠦᠭᠳᠡᠭᠡᠳ᠂ ᠬᠠᠨᠠᠨ ᠬᠠᠳᠠ ᠡᠭᠴᠡᠯᠡᠨ ᠪᠤᠰᠴᠤ᠂ ᠬᠠᠯᠢᠯ ᠣᠷᠭᠢᠯ ᠨᠢ ᠰᠡᠭᠦ᠋ᠢᠯᠴᠡᠨ᠂ ᠤᠷᠠᠳ ᠤᠨ ᠬᠦᠮᠦᠰ ᠤᠨ | ᠰᠢᠲᠦᠭᠡᠨᠲᠦ ᠬᠠᠶᠢᠷᠬᠠᠨ ᠪᠣᠯᠣᠨ ᠰᠦᠮᠪᠦᠷᠯᠡᠭᠰᠡᠨ ᠶᠤᠮ᠃ | ᠮᠣᠩᠭᠤᠯ ᠲᠡᠤᠬᠡ ᠰᠤᠶᠤᠯ ᠤᠨ ᠰᠤᠩᠭᠤᠳᠠᠭ ᠵᠣᠬᠢᠶᠠᠯ ᠤᠨ ᠬᠦᠮᠦᠷᠭᠡ᠂ | ᠵᠠᠩ ᠦᠢᠯᠡ ᠶᠢᠨ ᠴᠤᠪᠤᠷᠠᠯ ᠪᠢᠴᠢᠭ ︽ᠤᠷᠠᠳ ᠵᠠᠩ ᠦᠢᠯᠡ︾ ᠠᠴᠠ ᠪᠠᠭᠤᠯᠭᠠᠪᠠ |