ᠪᠠᠭᠰᠢ ᠬᠥᠮᠥᠨ ᠪᠠ ᠵᠣᠬᠢᠶᠠᠯᠴᠢ ᠬᠥᠮᠥᠨ ᠳᠤ ᠠᠳᠠᠯᠢᠪᠲᠤᠷ ᠬᠤᠶᠠᠷ ᠵᠦᠢᠯ ᠪᠠᠶᠢᠳᠠᠭ᠂ ᠨᠢᠭᠡ ᠨᠢ ᠦᠭᠡ ᠶᠠᠷᠢᠬᠤ ᠲᠠᠯ᠎ᠠ ᠪᠠᠷ ᠪᠠᠭᠰᠢ ᠬᠥᠮᠥᠨ ᠰᠤᠷᠤᠬᠴᠢᠳ | ᠲᠠᠭᠠᠨ ᠬᠢᠴᠢᠶᠡᠯ ᠲᠠᠶᠢᠯᠪᠤᠷᠢᠯᠠᠬᠤ ᠳᠤᠮᠳᠠ ᠪᠠᠨ ᠢᠯᠡᠭᠦᠦ ᠨᠢᠭᠡ ᠦᠭᠡ ᠴᠤ ᠶᠠᠷᠢᠵᠤ ᠪᠤᠯᠳᠠᠭ ᠦᠭᠡᠢ ᠪᠥᠭᠡᠳ ᠪᠠᠰᠠ ᠳᠤᠲᠠᠭᠤ ᠨᠢᠭᠡ ᠦᠭᠡ ᠴᠤ ᠶᠠᠷᠢᠵᠤ ᠪᠤᠯᠳᠠᠭ | ᠦᠭᠡᠢ᠂ ᠵᠣᠬᠢᠶᠠᠯᠴᠢ ᠬᠥᠮᠥᠨ ᠪᠠᠰᠠ ᠵᠣᠬᠢᠶᠠᠯ ᠪᠢᠴᠢᠬᠦ ᠳᠡᠭᠡᠨ ᠬᠡᠷᠡᠭ ᠦᠭᠡᠢ ᠨᠢᠭᠡ ᠦᠰᠤᠭ᠌ ᠢ ᠴᠤ ᠪᠢᠴᠢᠵᠦ ᠪᠤᠯᠳᠠᠭ ᠦᠭᠡᠢ ᠪᠥᠭᠡᠳ ᠬᠠᠷᠢᠨ ᠶᠠᠭ ᠬᠡᠷᠡᠭ ᠲᠠᠢ | ᠨᠢᠭᠡ ᠦᠰᠤᠭ᠌ ᠢ ᠴᠤ ᠤᠷᠭᠢᠵᠤ ᠪᠤᠯᠳᠠᠭ ᠦᠭᠡᠢ ᠶᠤᠮ᠃ | ᠵᠣᠬᠢᠶᠠᠯ ᠪᠢᠴᠢᠬᠦ ᠬᠡᠮᠡᠭᠴᠢ ᠠᠮᠠᠷᠬᠠᠨ ᠠᠵᠢᠯ ᠪᠢᠰᠢ᠂ ᠨᠢᠭᠡ ᠨᠢᠭᠡ ᠲᠤᠭᠤᠰᠭ᠋᠎ᠠ ᠶᠢ ᠦᠷᠤᠵᠤ ᠶᠡᠭᠡ ᠠᠰᠠᠷ ᠢ ᠪᠣᠰᠬᠠᠬᠤ ᠠᠴᠠ ᠴᠤ ᠪᠡᠷᠬᠡ ᠠᠵᠢ᠃ | ᠨᠠᠶᠢᠷᠠᠭᠤᠯᠤᠭᠴᠢ ᠪᠤᠯᠬᠤ ᠲᠡᠭᠦᠨ ᠠᠴᠠ ᠴᠤ ᠪᠡᠷᠬᠡ᠂ ᠨᠠᠶᠢᠷᠠᠭᠤᠯᠤᠭᠰᠠᠨ ᠨᠢ ᠠᠮᠲᠠᠲᠤ ᠲᠠᠷᠠᠰᠤ ᠪᠣᠯᠤᠭᠰᠠᠨ ᠶᠤᠮ ᠪᠣᠯ ᠠᠰᠢᠭᠦᠢ ᠬᠠᠷᠢᠨ ᠶᠠᠭ ᠡᠭᠦᠨ ᠤ ᠡᠰᠡᠷᠭᠦ ᠪᠠᠷ ᠁ | ᠨᠢᠭᠡᠨ ᠰᠢᠯᠦᠭ ᠵᠣᠬᠢᠶᠠᠯ ᠢ ᠪᠢᠴᠢᠵᠦ ᠪᠠᠷᠠᠭᠠᠪᠠᠯ ᠳᠣᠲᠣᠷ᠎ᠠ ᠮᠢᠨᠢ ᠶᠠᠭᠤ ᠴᠤ ᠦᠭᠡᠢ ᠰᠢᠭ ᠬᠤᠭᠤᠰᠤᠷᠠᠨ ᠬᠠᠩᠬᠠᠶᠢᠷᠠᠵᠤ ᠲᠠᠷᠠᠭ᠎ᠠ ᠤᠳᠠᠭ᠎ᠠ ᠶᠠᠭᠤ ᠴᠤ ᠪᠢᠴᠢᠵᠦ | ᠲᠡᠶᠢᠯᠭᠦ ᠦᠭᠡᠢ ᠮᠡᠲᠦ ᠪᠤᠳᠤᠯ ᠳᠤ ᠲᠤᠯᠭᠠᠷᠠᠳᠠᠭ᠃ ᠭᠡᠪᠡᠴᠦ ᠬᠠᠶᠠ ᠠᠵᠠ ᠵᠢᠷᠭᠠᠯᠲᠤ ᠠᠮᠢᠳᠤᠷᠠᠯ ᠠᠴᠠ᠂ ᠠᠮᠲᠠᠷᠬᠠᠵᠤ ᠤᠩᠰᠢᠭᠰᠠᠨ ᠨᠣᠮ ᠠᠴᠠ ᠨᠢᠭᠡ ᠵᠦᠢᠯ ᠤᠨ | ᠰᠢᠨ᠎ᠡ ᠰᠡᠪᠡᠭᠦᠨ ᠪᠤᠳᠤᠯ ᠰᠡᠳᠬᠢᠯᠭᠡ᠂ ᠤᠷᠮ᠎ᠠ ᠪᠠᠬ᠎ᠠ ᠡᠷᠬᠡ ᠦᠭᠡᠢ ᠡᠪᠴᠢᠭᠦᠦ ᠴᠡᠭᠡᠵᠢᠨ ᠠᠴᠠ ᠴᠠᠭᠢᠯᠤᠨ ᠤᠷᠭᠤᠳᠠᠭ ᠨᠢ ᠦᠨᠡᠬᠡᠷ ᠪᠠᠰᠠ ᠨᠢᠭᠡᠨ ᠵᠦᠢᠯ ᠤᠨ | ᠭᠠᠶᠢᠬᠠᠮᠰᠢᠭ ᠪᠤᠯᠠᠢ᠃ | ᠵᠣᠬᠢᠶᠠᠨ ᠪᠦᠲᠦᠭᠡᠯᠭᠡ ᠬᠡᠮᠡᠭᠴᠢ ᠵᠦᠢ ᠵᠣᠬᠢᠰᠲᠠᠢ ᠤᠶᠤᠨ ᠪᠤᠳᠤᠯ ᠤᠨ ᠰᠢᠷᠭᠠᠭᠠᠯᠲᠠ ᠪᠠ ᠪᠣᠳᠠᠲᠤ ᠠᠮᠢᠳᠤᠷᠠᠯ ᠤᠨ ᠭᠤᠸ᠎ᠠ ᠰᠠᠶᠢᠬᠠᠨ ᠤ ᠦᠰᠤᠭ᠌ | ᠪᠢᠴᠢᠭ ᠤᠨ ᠢᠯᠡᠷᠡᠭᠦᠯᠦᠯᠲᠡ ᠪᠤᠯᠬᠤ ᠶᠤᠮ᠃ ᠤᠷᠠᠨ ᠵᠣᠬᠢᠶᠠᠯ ᠤᠷᠤᠯᠳᠤᠳᠠᠭ ᠣᠯᠠᠩᠬᠢ ᠵᠣᠬᠢᠶᠠᠯᠴᠢ ᠢᠷᠠᠭᠤ ᠨᠠᠶᠢᠷᠠᠭᠴᠢ ᠡᠬᠡ ᠣᠷᠣᠨ ᠪᠠ ᠡᠬᠡ ᠤᠯᠤᠰ ᠢᠶᠠᠨ | ᠥᠪᠡᠷ ᠤᠨ ᠪᠡᠶ᠎ᠡ ᠲᠠᠢ ᠪᠠᠨ ᠠᠳᠠᠯᠢ ᠪᠤᠶᠤ ᠡᠰᠡᠬᠦᠯ᠎ᠡ ᠥᠪᠡᠷ ᠤᠨ ᠪᠡᠶ᠎ᠡ ᠠᠴᠠ ᠪᠠᠨ ᠢᠯᠡᠭᠦᠦ ᠬᠠᠶᠢᠷᠠᠯᠠᠳᠠᠭ᠃ ᠵᠠᠯᠠᠭᠤ ᠬᠥᠮᠥᠰ ᠥᠭᠡᠳᠡᠯᠡᠨ ᠲᠠᠪᠰᠢᠶᠠ ᠭᠡᠪᠡᠯ | ᠡᠷᠬᠡᠪᠰᠢ ᠦᠷᠭᠦᠯᠵᠢ ᠨᠣᠮ ᠵᠣᠬᠢᠶᠠᠯ ᠰᠣᠨᠢᠨ ᠰᠡᠳᠬᠦᠯ ᠤᠩᠰᠢᠬᠤ ᠬᠡᠷᠡᠭᠲᠡᠢ᠃ ᠲᠡᠷᠡ ᠨᠢ ᠴᠢᠮ᠎ᠠ ᠳᠤ ᠬᠥᠮᠥᠨ ᠪᠤᠯᠬᠤ ᠶᠢᠨ ᠵᠥᠪ ᠰᠠᠶᠢᠬᠠᠨ ᠶᠣᠰᠣ ᠤᠴᠢᠷ᠂ | ᠠᠮᠢᠳᠤᠷᠠᠬᠤᠢ ᠶᠢᠨ ᠭᠦᠨ ᠤᠬᠠᠭᠠᠨ ᠤ ᠶᠣᠰᠣ ᠤᠴᠢᠷ ᠢ ᠤᠬᠳᠤ ᠨᠢᠭᠤᠯ ᠦᠭᠡᠢ ᠨᠢᠭᠡᠳ ᠨᠢᠭᠡ ᠪᠠᠷ ᠬᠡᠯᠡᠵᠦ ᠵᠢᠭᠠᠵᠤ ᠦᠭᠳᠡᠭ ᠪᠥᠭᠡᠳ ᠴᠢᠮ᠎ᠠ ᠶᠢ ᠢᠮᠠᠭᠲᠠ | ᠬᠡᠷᠡᠯᠳᠦ ᠢᠷᠡᠭᠡᠳᠦᠢ ᠵᠦᠭ ᠬᠥᠲᠥᠯᠥᠨ ᠳᠠᠭᠠᠭᠤᠯᠳᠠᠭ ᠪᠢᠯᠡ᠃ | ᠨᠣᠮ ᠤᠩᠰᠢᠬᠤ ᠨᠢ ᠬᠥᠮᠥᠰ ᠤᠨ ᠮᠡᠳᠡᠯᠭᠡ ᠶᠢᠨ ᠰᠠᠩ ᠢ ᠪᠠᠶᠠᠯᠢᠭᠵᠢᠭᠤᠯᠵᠤ ᠳᠤᠷ᠎ᠠ ᠰᠣᠨᠢᠷᠬᠠᠯ ᠢ ᠬᠥᠭᠵᠢᠭᠦᠯᠵᠦ᠂ ᠪᠤᠰᠤᠳ ᠲᠠᠢ ᠬᠠᠷᠢᠴᠠᠬᠤ ᠪᠠ ᠶᠠᠷᠢᠵᠤ | ᠢᠯᠡᠳᠬᠡᠬᠦ ᠴᠢᠳᠠᠪᠤᠷᠢ ᠶᠢ ᠨᠡᠮᠡᠭᠳᠡᠭᠦᠯᠳᠡᠭ᠃ ᠨᠣᠮ ᠪᠢᠴᠢᠭ ᠪᠣᠯ ᠬᠥᠮᠥᠰ ᠤᠨ ᠪᠤᠳᠤᠯ ᠬᠠᠷᠠᠭ᠎ᠠ ᠶᠢ ᠥᠷᠭᠡᠳᠬᠡᠨ ᠲᠠᠷᠢᠬᠢ ᠲᠣᠯᠣᠭᠠᠢ ᠶᠢ ᠰᠡᠷᠭᠦᠭᠡᠵᠦ᠂ ᠲᠦᠭᠦᠭᠡ | ᠤᠬᠠᠭ᠎ᠠ ᠶᠢ ᠨᠡᠮᠡᠭᠳᠡᠭᠦᠯᠦᠨ ᠤᠢ ᠪᠢᠯᠢᠭ ᠢ ᠬᠤᠷᠴᠠᠯᠠᠵᠤ᠂ ᠡᠷᠳᠡᠮ ᠮᠡᠳᠡᠯᠭᠡ ᠣᠯᠭᠤᠨ ᠵᠤᠭ᠎ᠠ ᠴᠡᠩᠭᠡᠯ ᠢ ᠠᠪᠴᠢᠷᠠᠳᠠᠭ᠃ ᠲᠠᠩ ᠤᠯᠤᠰ ᠤᠨ ᠦᠶ᠎ᠡ ᠶᠢᠨ ᠠᠯᠳᠠᠷᠲᠤ | ᠰᠢᠯᠦᠭᠴᠢ᠂ ᠰᠢᠯᠦᠭ ᠤᠨ ᠪᠣᠭᠳᠠ ᠯᠢ ᠪᠠᠢ᠄ ︽ᠵᠠᠭᠤᠨᠲᠠ ᠤᠩᠰᠢᠪᠠᠰᠤ ᠤᠳᠬ᠎ᠠ ᠠᠨᠤ ᠠᠶᠠᠨᠳᠠᠭᠠᠨ ᠢᠯᠡᠷᠡᠮᠦᠢ︕︾ ᠭᠡᠵᠠᠢ; ᠶᠡᠭᠡ ᠵᠣᠬᠢᠶᠠᠯᠴᠢ ᠢᠨᠵᠠᠨᠨᠠᠰᠢ᠄ | ︽ᠤᠩᠰᠢᠭᠰᠠᠨ ᠨᠣᠮ ᠮᠢᠩᠭᠠᠨ ᠪᠣᠳᠢ ᠶᠢ ᠳᠠᠪᠠᠪᠠᠰᠤ ᠦᠵᠦᠭ ᠤᠨ ᠦᠵᠦᠭᠦᠷ ᠰᠠᠬᠢᠭᠤᠯᠰᠤᠨ ᠣᠷᠣᠰᠢᠭᠰᠠᠨ ᠮᠡᠲᠦ︾ ᠭᠡᠵᠦ ᠥᠭᠦᠯᠡᠭᠰᠡᠨ ᠪᠠᠶᠢᠵᠠᠢ; ᠵᠣᠬᠢᠶᠠᠯᠴᠢ | ᠪᠦᠷᠢᠨᠲᠡᠭᠦᠰ ︽ᠳᠡᠯᠭᠡᠷ ᠬᠠᠩᠭᠠᠢ︾ ᠷᠣᠮᠠᠨ ᠢᠶᠠᠨ ᠪᠢᠴᠢᠬᠦ ᠠᠴᠠ ᠡᠮᠦᠨ᠎ᠡ ᠴ᠊·ᠯᠣᠳᠣᠶᠢᠳᠠᠮᠪᠠ ᠶᠢᠨ ︽ᠲᠤᠩᠭᠠᠯᠠᠭ ᠲᠠᠮᠢᠷ︾ ᠪᠦᠲᠦᠭᠡᠯ ᠢ ᠭᠤᠴᠢᠨ ᠨᠠᠢᠮᠠ ᠤᠳᠠᠭ᠎ᠠ | ᠤᠩᠰᠢᠭᠰᠠᠨ ᠭᠡᠵᠦ ᠬᠡᠯᠡᠵᠦ ᠪᠠᠶᠢᠭᠰᠠᠨ ᠵᠡᠷᠭᠡ ᠠᠴᠠ ᠡᠷᠲᠡ ᠳᠡᠭᠡᠳᠦ ᠠᠴᠠ ᠪᠠᠨ ᠠᠪᠤᠭᠠᠳ ᠡᠳᠦᠭᠡ ᠭᠦᠷᠲᠡᠯ᠎ᠡ ᠡᠷᠳᠡᠮᠲᠡᠨ ᠮᠡᠷᠭᠡᠳ᠂ ᠤᠷᠠᠨ ᠵᠣᠬᠢᠶᠠᠯᠴᠢᠳ ᠨᠣᠮ | ᠤᠩᠰᠢᠬᠤ ᠶᠢ ᠲᠤᠶᠢᠯ ᠤᠨ ᠡᠷᠬᠢᠮ ᠴᠢᠬᠤᠯᠠ ᠪᠠᠷ ᠦᠵᠡᠵᠦ ᠪᠠᠶᠢᠭᠰᠠᠨ ᠨᠢ ᠲᠣᠳᠣᠷᠠᠭᠠᠳ ᠢᠷᠡᠳᠡᠭ᠃ ᠪᠢᠳᠡ ᠨᠢᠭᠡ ᠰᠠᠶᠢᠨ ᠨᠣᠮ ᠢ ᠤᠩᠰᠢᠬᠤ ᠳᠠᠭᠠᠨ ᠲᠠᠭᠢᠨ | ᠳᠠᠪᠲᠠᠨ ᠤᠩᠰᠢᠬᠤ ᠶᠢᠨ ᠳᠠᠭᠠᠤ ᠰᠡᠳᠬᠢᠨ ᠪᠣᠳᠣᠯᠬᠢᠯᠠᠬᠤ᠂ ᠤᠩᠰᠢᠬᠤ ᠶᠢᠨ ᠳᠠᠭᠠᠤ ᠲᠡᠮᠳᠡᠭᠯᠡᠵᠦ ᠪᠢᠴᠢᠪᠡᠯ ᠨᠡᠩ ᠰᠠᠶᠢᠨ ᠪᠠᠶᠢᠳᠠᠭ᠃ | ᠬᠥᠭᠵᠢᠮ ᠭᠡᠯᠡ ᠦᠭᠡᠢ ᠪᠤᠯᠪᠠᠴᠤ ᠬᠥᠮᠥᠰ ᠢ ᠵᠣᠷᠢᠭᠵᠢᠭᠤᠯᠵᠤ ᠤᠶᠠᠷᠠᠭᠤᠯᠵᠤ ᠲᠠᠶᠢᠯᠤᠨ᠎ᠡ᠃ ᠬᠠᠷᠢᠨ ᠦᠰᠤᠭ᠌ ᠪᠢᠴᠢᠭ ᠲᠠᠭᠤᠨ ᠦᠭᠡᠢ ᠪᠤᠯᠪᠠᠴᠤ | ᠬᠥᠮᠥᠰ ᠢ ᠪᠠᠶᠠᠷᠯᠠᠭᠤᠯᠵᠤ ᠤᠭᠢᠯᠠᠭᠤᠯᠵᠤ ᠲᠡᠶᠢᠯᠤᠨ᠎ᠡ᠃ ᠪᠠᠰᠠ ᠭᠡᠳᠡᠰᠬᠢᠨ ᠪᠣᠰᠬᠠᠵᠤ ᠴᠤ ᠲᠡᠶᠢᠯᠤᠨ᠎ᠡ᠃ ᠨᠢᠭᠡ ᠳᠤ ᠨᠣᠮ ᠰᠡᠳᠬᠦᠯ ᠤᠩᠰᠢᠬᠤ ᠦᠭᠡᠢ᠂ ᠬᠤᠶᠠᠷ ᠲᠤ | ᠲᠠᠷᠢᠬᠢ ᠲᠣᠯᠣᠭᠠᠢ ᠪᠠᠨ ᠬᠥᠳᠡᠯᠭᠡᠵᠦ ᠰᠢᠨ᠎ᠡ ᠰᠣᠷᠭᠤᠭ ᠮᠡᠳᠡᠯᠭᠡ ᠴᠢᠳᠠᠪᠤᠷᠢ ᠶᠢ ᠡᠵᠡᠮᠰᠢᠬᠦ ᠳᠤᠷ᠎ᠠ ᠦᠭᠡᠢ ᠬᠥᠮᠥᠨ ᠪᠣᠯ ᠡᠨᠡ ᠨᠡᠶᠢᠭᠡᠮ ᠤᠨ ᠬᠠᠮᠤᠭ ᠤᠨ ᠲᠦᠭᠦᠭᠡ | ᠦᠭᠡᠢ᠂ ᠬᠠᠮᠤᠭ ᠤᠨ ᠠᠯᠵᠠᠭᠤ ᠵᠠᠯᠬᠠᠭᠤ᠂ ᠬᠠᠮᠤᠭ ᠤᠨ ᠵᠣᠯ ᠪᠤᠰᠤ ᠬᠥᠮᠥᠨ ᠮᠥᠨ᠃ | ᠬᠥᠮᠥᠨ ᠤ ᠤᠶᠤᠨ ᠤᠬᠠᠭᠠᠨ ᠪᠣᠯ ᠨᠠᠷᠠ ᠰᠢᠭ᠋ ᠰᠠᠴᠤᠷᠠᠵᠤ᠂ ᠬᠤᠷᠸ᠎ᠠ ᠶᠢᠷᠲᠢᠨᠴᠦ ᠶᠢᠨ ᠠᠯᠢᠪᠠ ᠪᠦᠭᠦᠨ ᠢ ᠦᠵᠡᠵᠦ᠂ ᠲᠠᠨᠢᠵᠤ᠂ ᠭᠡᠷᠡᠯᠳᠤᠭᠦᠯᠵᠤ᠂ | ᠠᠮᠢᠯᠠᠭᠤᠯᠵᠤ ᠪᠠᠶᠢᠳᠠᠭ ᠶᠤᠮ᠃ ᠭᠡᠬᠦ ᠳᠡᠭᠡᠨ ᠤᠶᠤᠨ ᠤᠬᠠᠭᠠᠨ ᠨᠢ ᠤᠷᠭᠤᠬᠤ ᠨᠠᠷᠠᠨ ᠰᠢᠭ᠋ ᠡᠭᠦᠯᠡ ᠰᠠᠯᠬᠢᠨ ᠢ ᠠᠷᠴᠢᠨ ᠲᠠᠭᠤᠵᠤ᠂ ᠡᠬᠡ ᠳᠡᠯᠡᠬᠡᠢ ᠶᠢᠨ ᠠᠯᠢᠪᠠ | ᠪᠣᠳᠠᠰ ᠢ ᠢᠪᠡᠭᠡᠵᠦ ᠴᠢᠳᠠᠳᠠᠭ᠃ ᠡᠶᠢᠮᠦ ᠠᠴᠠ ᠤᠶᠤᠨ ᠤᠬᠠᠭᠠᠨ ᠪᠣᠯ ᠤᠠᠳᠤᠷᠤᠭᠠᠳ ᠪᠠᠷᠠᠰᠢ ᠦᠭᠡᠢ᠂ ᠤᠷᠭᠤᠭᠠᠳ ᠬᠤᠪᠠᠭ᠋ᠠᠶᠢᠷᠠᠰᠢ ᠦᠭᠡᠢ ᠮᠥᠩᠬᠡ ᠶᠢᠨ ᠪᠠᠶᠢᠬᠤ | ᠶᠣᠰᠣᠲᠠᠢ᠃ ᠬᠥᠮᠥᠰ ᠪᠢᠳᠡ ᠠᠮᠢᠳᠤ ᠶᠠᠪᠤᠭ᠎ᠠ ᠨᠠᠰᠤᠨ ᠳᠠᠭᠠᠨ ᠲᠠᠷᠢᠬᠢ ᠤᠶᠤᠨ ᠢᠶᠠᠨ ᠰᠢᠪᠬᠠᠨ᠂ ᠬᠥᠮᠥᠨ ᠲᠥᠷᠥᠯᠬᠢᠲᠡᠨ ᠤ ᠤᠶᠤᠨ ᠤᠬᠠᠭᠠᠨ ᠤ ᠣᠪᠣᠭ᠎ᠠ ᠳᠤ | ᠪᠢᠯᠢᠭ ᠤᠨ ᠴᠢᠯᠠᠭᠤ ᠪᠠᠨ ᠨᠡᠮᠡᠵᠦ ᠶᠠᠪᠤᠪᠠᠯ ᠵᠣᠬᠢᠯᠲᠠᠢ᠃ | ᠰᠤᠷᠪᠤᠯᠵᠢᠯᠠᠭᠰᠠᠨ ᠤ ᠲᠠᠷᠠᠭ᠎ᠠ᠄ 2024 ᠣᠨ ᠤ 7 ᠰᠠᠷ᠎ᠠ ᠶᠢᠨ 4 ᠤ ᠡᠳᠦᠷ ᠦᠯᠥ ᠲᠠᠨᠢᠬᠤ ᠨᠢᠭᠡ ᠬᠥᠮᠥᠨ ᠮᠢᠨᠤ ᠵᠢᠷᠭᠢᠶ᠎ᠡ ᠶᠢ ᠵᠠᠯᠭᠠᠪᠠ᠃ ᠨᠡᠮᠡᠵᠦ | ᠠᠪᠤᠭᠠᠳ ᠨᠤᠲᠤᠭ ᠤᠰᠤ ᠪᠠᠨ ᠮᠡᠳᠡᠯᠴᠡᠬᠦ ᠳᠤ ᠪᠢᠳᠠ ᠬᠤᠶᠠᠭᠤᠯᠠ ᠪᠠᠨ ᠨᠤᠲᠤᠭ ᠨᠢᠭᠡᠲᠡᠢ ᠦᠦᠰᠢᠨᠵᠤᠤ ᠶᠢᠨ ᠬᠥᠮᠥᠨ ᠪᠠᠶᠢᠨ᠎ᠠ᠂ ᠲᠡᠭᠦᠨ ᠤ ᠨᠡᠷ᠎ᠡ ᠶᠢ ᠪᠦᠷᠭᠦᠳ | ᠭᠡᠨ᠎ᠡ᠃ ᠢᠩᠭᠢᠭᠡᠳ ᠲᠡᠷᠡ ᠬᠥᠮᠥᠨ ᠨᠠᠳᠠ ᠳᠤ ᠠᠯᠤᠰ ᠲᠡᠷᠲᠡᠭᠡᠬᠢ 44 ᠵᠢᠯ ᠤᠨ ᠡᠮᠦᠨᠡᠬᠢ ᠲᠦᠷᠦᠯ ᠤᠨ ᠠᠬ᠎ᠠ ᠶᠢᠨ ᠢᠶᠠᠨ ᠦᠯᠢᠭᠡᠷ ᠤᠴᠠᠷᠠᠯ ᠢ ᠶᠠᠷᠢᠵᠤ᠂ ᠡᠨᠡ | ᠵᠢᠯ ᠤᠨ ᠵᠤᠨ ᠤ ᠰᠡᠭᠦᠯᠴᠢ ᠪᠤᠶᠤ ᠨᠠᠮᠤᠷ ᠤᠨ ᠡᠬᠢ ᠪᠠᠷ ᠠᠯᠢ ᠨᠢᠭᠡ ᠡᠳᠦᠷ ᠢ ᠲᠣᠬᠢᠶᠠᠯᠳᠤᠭᠤᠯᠤᠨ ᠡᠨᠡ ᠬᠤᠶᠠᠷ ᠬᠥᠮᠥᠨ ᠢ ᠠᠭᠤᠯᠵᠠᠭᠤᠯᠬᠤ ᠰᠠᠨᠠᠭᠠᠲᠠᠢ᠂ ᠲᠠ | ᠴᠢᠯᠦᠭᠡ ᠲᠠᠢ ᠤᠤ︖ ᠴᠢᠯᠦᠭᠡ ᠲᠠᠢ ᠪᠣᠯ ᠡᠨᠡ ᠬᠦ ᠠᠭᠤᠯᠵᠠᠯᠲᠠ ᠶᠢ ᠰᠡᠭᠦᠳᠡᠷᠯᠡᠵᠦ ᠵᠢᠷᠤᠭᠯᠠᠨ ᠰᠤᠷᠪᠤᠯᠵᠢᠯᠠᠭᠠᠳ ᠥᠭᠭᠦᠨ᠎ᠡ ᠤᠤ ᠭᠡᠵᠦ ᠠᠰᠠᠭᠤᠭᠰᠠᠨ ᠶᠤᠮ᠃ | ᠰᠤᠷᠪᠤᠯᠵᠢᠯᠠᠬᠴᠢ ᠬᠥᠮᠥᠨ ᠳᠤ ᠢᠨᠬᠭᠢᠵᠤ ᠰᠠᠶᠢᠬᠠᠨ ᠰᠡᠳᠦᠪ ᠲᠠᠭᠠᠷᠠᠬᠤ ᠬᠤᠪᠣᠷ ᠪᠢᠯᠡ᠂ ᠬᠡᠯᠡᠯᠭᠡᠨ ᠦᠭᠡᠢ ᠰᠢᠭᠤᠳ ᠠᠮᠠᠯᠳᠠᠵᠤ᠂ ᠤᠲᠠᠰᠤ ᠪᠠᠷ ᠶᠠᠷᠢᠯᠴᠠᠵᠤ | ᠪᠠᠶᠢᠭᠠᠳ ᠪᠦᠷᠭᠦᠳ ᠲᠠᠢ ᠬᠠᠮᠲᠤ 8 ᠰᠠᠷ᠎ᠠ ᠶᠢᠨ 5 ᠤ ᠥᠷᠯᠥᠭᠡ ᠡᠷᠲᠡ ᠰᠥᠨᠢᠳ ᠵᠡᠭᠦᠨ ᠬᠤᠰᠢᠭᠤ ᠶᠢ ᠵᠣᠷᠢᠭᠰᠠᠨ ᠪᠢᠯᠡ︕ᠬᠠᠲᠤᠨ ᠭᠤᠣᠯ ᠢ ᠳᠠᠪᠠᠵᠤ᠂ ᠮᠤᠨᠢ | ᠠᠭᠤᠯᠠ ᠶᠢ ᠴᠤᠭᠤᠯᠤᠨ᠂ ᠲᠠᠮᠤᠴᠢ ᠶᠢᠨ ᠲᠠᠯ᠎ᠠ ᠶᠢ ᠲᠤᠭᠤᠯᠵᠤ ᠨᠡᠶᠢᠲᠡ 1600 ᠭᠠᠵᠠᠷ ᠢ ᠡᠪᠬᠡᠨ ᠪᠠᠶᠢᠵᠤ ᠰᠥᠨᠢᠳ ᠵᠡᠭᠦᠨ ᠬᠤᠰᠢᠭᠤᠨ ᠤ ᠲᠥᠪ ᠮᠠᠨᠳᠠᠯᠲᠤ | ᠪᠠᠯᠭᠠᠰᠤᠨ ᠳᠤ ᠣᠷᠣᠢ ᠶᠢᠨ 7 ᠴᠠᠭ ᠲᠤ ᠬᠦᠷᠴᠦ ᠣᠴᠢᠯ᠎ᠠ᠃ ᠥᠯᠵᠡᠢ ᠭᠡᠬᠦ ᠬᠥᠮᠥᠨ ᠤ ᠠᠮᠢᠳᠤᠷᠠᠯ ᠤᠨ ᠪᠠᠶᠢᠳᠠᠯ ᠪᠢᠳᠠᠨ ᠤ ᠰᠠᠨᠠᠭᠰᠠᠨ ᠠᠴᠠ ᠥᠭᠡᠷ᠎ᠡ ᠪᠠᠶᠢᠪᠠ᠂ | ᠨᠠᠰᠤ ᠪᠠᠷ ᠢᠶᠠᠨ ᠡᠨᠡ ᠲᠡᠷᠡ ᠡᠪᠡᠳᠴᠢᠨ ᠵᠤᠪᠠᠯᠠᠩ ᠳᠤ ᠪᠠᠷᠢᠭᠳᠠᠨ᠂ ᠪᠠᠭᠰᠢ ᠶᠢᠨ ᠠᠵᠢᠯ ᠢᠶᠠᠨ ᠴᠤ ᠬᠢᠵᠦ ᠴᠢᠳᠠᠯ ᠦᠭᠡᠢ᠂ ᠵᠠᠶᠠᠭᠠᠨ ᠤ ᠬᠠᠨᠢ ᠪᠠᠨ ᠴᠤ ᠣᠯᠣᠯ | ᠦᠭᠡᠢ ᠪᠠᠷ 65 ᠨᠠᠰᠤ ᠭᠦᠷᠦᠭᠰᠡᠨ ᠲᠡᠷᠡ᠂ ᠡᠨᠡ ᠵᠢᠯ ᠤᠨ ᠴᠠᠭᠠᠨ ᠰᠠᠷ᠎ᠠ ᠶᠢᠨ ᠳᠠᠷᠠᠭᠠᠬᠠᠨ ᠬᠤᠰᠢᠭᠤᠨ ᠤ ᠨᠠᠰᠤᠲᠠᠶᠢᠴᠤᠳ ᠤᠨ ᠠᠰᠠᠷᠠᠮᠵᠢ ᠶᠢᠨ ᠬᠦᠷᠢᠶᠡᠯᠡᠩ | ᠮᠠᠶ᠋ᠢᠭᠲᠠᠢ ᠨᠡᠶᠢᠲᠡ ᠶᠢᠨ ᠪᠠᠶᠢᠷᠢ ᠳᠤ ᠭᠠᠭᠴᠠᠭᠠᠷᠬᠠᠨ ᠢᠶᠠᠨ ᠣᠷᠣᠵᠤ ᠰᠠᠭᠤᠭᠰᠠᠨ ᠪᠠᠶᠢᠯ᠎ᠠ᠂ ᠭᠡᠪᠡᠴᠦ ᠲᠡᠭᠦᠨ ᠤ ᠦᠵᠡᠯ ᠪᠤᠳᠤᠯ᠂ ᠥᠭᠡᠳᠡᠷᠬᠡᠭ ᠰᠠᠨᠠᠭ᠎ᠠ ᠨᠢ ᠬᠠᠷᠢᠨ | ᠪᠤᠰᠤᠳ ᠲᠤ ᠶᠡᠭᠡ ᠡᠷᠴᠢ ᠬᠦᠴᠦ ᠬᠠᠶᠢᠷᠠᠯᠠᠵᠤ ᠪᠠᠶᠢᠯ᠎ᠠ᠃ ᠬᠥᠮᠥᠨ ᠭᠡᠳᠡᠭ ᠠᠮᠢᠳᠤᠷᠠᠯ ᠤᠨ ᠨᠥᠬᠦᠴᠡᠯ ᠪᠠᠶᠢᠳᠠᠯ ᠶᠠᠮᠠᠷ ᠪᠠᠶᠢᠬᠤ ᠨᠢ ᠬᠠᠮᠢᠶ᠎ᠠ ᠦᠭᠡᠢ᠂ ᠬᠠᠷᠢᠨ | ᠥᠷᠥᠭᠡᠯ ᠢ ᠪᠤᠳᠤᠬᠤ ᠥᠷᠥᠪᠴᠢ ᠵᠥᠭᠡᠯᠡᠨ ᠰᠡᠳᠬᠢᠯ᠂ ᠠᠮᠢᠳᠤᠷᠠᠯ ᠢ ᠬᠠᠶᠢᠷᠠᠯᠠᠬᠤ ᠠᠭᠤᠤ ᠵᠣᠷᠢᠭ ᠰᠠᠨᠠᠭ᠎ᠠ ᠯᠠ ᠭᠡᠷᠡᠯ ᠲᠠᠲᠠᠭᠤᠯᠵᠤ ᠪᠠᠶᠢᠳᠠᠭ ᠠᠵᠢ᠂ ᠲᠡᠶᠢᠮᠤ ᠠ᠋᠂ | ᠲᠡᠷᠡ ᠬᠤᠷᠢᠨ ᠨᠠᠰᠤᠨ ᠳᠠᠭᠠᠨ ᠴᠤ ᠬᠤᠪᠣᠷ ᠲᠣᠬᠢᠶᠠᠯᠳᠤᠬᠤ ᠦᠢᠯᠡ ᠶᠢ ᠬᠢᠭᠰᠡᠨ ᠢ ᠨᠢ ᠥᠨᠥᠳᠥᠷ ᠪᠢᠳᠠ ᠰᠤᠷᠪᠤᠯᠵᠢᠯᠠᠵᠤ ᠪᠠᠶᠢᠨ᠎ᠠ᠃ ᠲᠠᠭᠢᠪᠠᠯ ᠥᠯᠵᠡᠢ ᠶᠢᠨ | ᠭᠡᠷ ᠲᠤ ᠣᠪᠣᠭᠠᠯᠠᠵᠤ ᠪᠠᠶᠢᠭ᠎ᠠ ᠡᠳᠦᠷ ᠤᠨ ᠲᠡᠮᠳᠡᠭᠯᠡᠯ ᠬᠠᠷᠠᠭᠠᠨ ᠳᠤ ᠭᠦᠷᠦᠭᠰᠡᠨ ᠶᠤᠮ᠂ ᠲᠡᠭᠦᠨ ᠤ 67 ᠳᠡᠪᠲᠡᠷ ᠡᠳᠦᠷ ᠤᠨ ᠲᠡᠮᠳᠡᠭᠯᠡᠯ ᠢ ᠤᠷᠪᠠᠭᠤᠯᠬᠤ ᠳᠤ | 1974 ᠣᠨ ᠠᠴᠠ ᠡᠬᠢᠯᠡᠭᠡᠳ ᠥᠨᠥᠳᠥᠷ ᠢ ᠭᠦᠷᠲᠡᠯ᠎ᠡ ᠪᠢᠴᠢᠭᠯᠡᠵᠡᠢ᠃ ᠪᠢᠳᠠ ᠪᠦᠭᠦᠨ ᠤ ᠰᠤᠷᠤᠯᠴᠠᠬᠤ ᠳᠠᠭᠤᠷᠢᠶᠠᠯ ᠡᠨᠡ ᠮᠥᠨ᠃ ᠥᠯᠵᠡᠢ ᠲᠠᠢ ᠬᠠᠮᠲᠤ ᠪᠠᠷ | ᠳᠥᠷᠪᠡ ᠲᠠᠪᠤᠨ ᠬᠥᠮᠥᠨ ᠪᠢᠳᠠᠨ ᠢ ᠬᠦᠯᠢᠶᠡᠵᠦ ᠠᠪᠤᠭᠰᠠᠨ ᠤ ᠳᠣᠲᠣᠷ᠎ᠠ ᠪᠤᠶᠠᠨᠵᠠᠪ ᠭᠡᠬᠦ ᠬᠥᠮᠥᠨ᠄ ︽ᠠᠶ᠎ᠠ᠂ ᠤᠳᠤ ᠶᠢᠨ ᠡᠨᠡ ᠴᠠᠭ ᠲᠤ ᠬᠥᠮᠥᠨ ᠤ ᠰᠢᠨᠤᠯ | ᠠᠬᠠᠳᠠᠵᠤ᠂ ᠡᠴᠢᠭᠡ ᠬᠦᠦ ᠭᠦᠷᠲᠡᠯ᠎ᠡ ᠮᠠᠭᠤᠳᠠᠯᠴᠠᠵᠤ ᠪᠠᠶᠢᠲᠠᠯ᠎ᠠ᠂ ᠣᠷᠳᠣᠰ ᠨᠤᠲᠤᠭ ᠲᠠᠢ ᠪᠦᠷᠭᠦᠳ ᠵᠡᠷᠭᠡ ᠬᠥᠮᠥᠨ ᠲᠡᠷᠡ ᠬᠤᠯᠠ ᠠᠴᠠ ᠮᠠᠨ ᠤ ᠬᠥᠮᠥᠨ ᠢ ᠭᠡᠷ | ᠲᠡᠭᠡᠨ ᠤᠷᠢᠵᠤ᠂ ᠠᠬ᠎ᠠ ᠲᠠᠢ ᠪᠠᠨ ᠵᠣᠯᠭᠠᠭᠤᠯᠬᠤ ᠪᠣᠯᠤᠭᠰᠠᠨ ᠢ ᠪᠢ ᠰᠣᠨᠣᠰᠤᠭᠠᠳ ᠶᠡᠬᠡᠳᠡ ᠪᠠᠭ᠋ᠠᠷᠬᠠᠯ᠎ᠠ᠂ ᠮᠠᠭᠤᠬᠠᠢ ᠰᠢᠭ᠋ ᠢᠶᠠᠷ ᠬᠡᠯᠡᠪᠡᠯ 44 ᠵᠢᠯ ᠤᠨ ᠡᠮᠦᠨᠡᠬᠢ | ᠲᠡᠷᠡ ᠤᠴᠢᠷ ᠢᠶᠠᠷ ᠥᠭᠡᠷ᠎ᠡ ᠨᠢᠭᠡ ᠬᠥᠮᠥᠨ ᠢ ᠬᠠᠶᠢᠭᠠᠳ ᠣᠴᠢᠪᠠᠯ ᠲᠠᠨᠢᠬᠤ ᠦᠭᠡᠢ ᠥᠩᠭᠡᠷᠡᠵᠦ ᠴᠤ ᠪᠤᠯᠬᠤ ᠶᠤᠮ᠂ ᠭᠡᠪᠡᠴᠦ ᠲᠠ ᠨᠠᠷ ᠳᠡᠭᠡᠭᠰᠡᠨ ᠦᠭᠡᠢ | ᠮᠦᠷᠲᠡᠯ᠎ᠡ ᠢᠨᠬᠭᠢᠵᠤ ᠬᠦᠨᠳᠦᠯᠡᠵᠦ ᠪᠠᠶᠢᠭ᠎ᠠ ᠨᠢ ᠮᠠᠨ ᠤ ᠬᠤᠶᠢᠴᠢ ᠦᠶ᠎ᠡ ᠳᠤ ᠰᠠᠶᠢᠨ ᠰᠠᠶᠢᠬᠠᠨ ᠳᠠᠭᠤᠷᠢᠶᠠᠯ ᠦᠯᠡᠳᠡᠭᠡᠬᠦ ᠨᠢ ᠯᠠᠪᠲᠠᠢ᠃ ᠪᠠᠰᠠ ᠨᠢᠭᠡ ᠲᠠᠯ᠎ᠠ ᠪᠠᠷ | ᠬᠡᠯᠡᠪᠡᠯ 1980 ᠣᠨ ᠤ 300 ᠲᠥᠭᠦᠷᠢᠭ ᠭᠡᠳᠡᠭ ᠪᠠᠷᠤᠭ ᠤᠳᠤ ᠶᠢᠨ10 ᠲᠦᠮᠡᠨ ᠲᠥᠭᠦᠷᠢᠭ ᠤᠨ ᠨᠠᠭᠠᠭᠤᠷ ᠴᠠᠭᠠᠭᠤᠷ ᠪᠠᠶᠢᠨ᠎ᠠ ᠰᠢᠤ᠂ ᠲᠡᠷᠡ ᠵᠢᠯ | ᠤᠯᠤᠰ ᠤᠨ ᠠᠵᠢᠯᠲᠠᠨ ᠤ ᠰᠠᠷ᠎ᠠ ᠶᠢᠨ ᠴᠠᠯᠢᠩ ᠳᠥᠩᠭᠡᠵᠢ 20 ᠲᠥᠭᠦᠷᠢᠭ ᠪᠠᠶᠢᠭᠰᠠᠨ᠂ ᠲᠠ ᠨᠠᠷ ᠴᠤ ᠶᠡᠭᠡ ᠡᠨᠡᠷᠢᠯ ᠲᠠᠢ ᠬᠥᠮᠥᠨ ᠶᠤᠮ ᠠ᠋︾ ᠭᠡᠵᠦ ᠬᠡᠯᠡᠵᠦ | ᠪᠠᠶᠢᠭᠰᠠᠨ ᠪᠢᠯᠡ᠃ ︽ᠰᠠᠶᠢᠨ ᠤ ᠦᠢᠯᠡ ᠰᠠᠷ᠎ᠠ ᠶᠢᠨ ᠭᠠᠵᠠᠷ ᠲᠤ︾ ᠭᠡᠳᠡᠭ ᠶᠠᠭ ᠡᠨᠡ ᠳ᠋ᠠ᠂ ᠡᠨᠡ ᠬᠤᠷᠸ᠎ᠠ ᠳᠤ ᠪᠢᠳᠠ ᠬᠠᠮᠢᠭ᠎ᠠ ᠬᠡᠵᠢᠶ᠎ᠡ ᠴᠤ ᠭᠡᠰᠡᠨ ᠨᠢᠭᠡ ᠨᠢᠭᠡᠨ | ᠢᠶᠠᠨ ᠡᠨᠡᠷᠢᠵᠦ ᠬᠠᠶᠢᠷᠠᠯᠠᠵᠤ᠂ ᠰᠡᠳᠬᠢᠯ ᠤᠨ ᠬᠦᠴᠦ ᠪᠠᠷ ᠳᠡᠮᠵᠢᠵᠤ ᠬᠠᠪᠰᠤᠷᠤᠯᠴᠠᠵᠤ ᠶᠠᠪᠤᠪᠠᠯ ᠢᠷᠡᠭᠡᠳᠦᠢ ᠨᠡᠩ ᠭᠡᠭᠡᠨ ᠰᠠᠷᠠᠭᠤᠯ ᠪᠠᠶᠢᠬᠤ ᠨᠢ ᠳᠠᠮᠵᠢᠭ ᠦᠭᠡᠢ᠃ | |