ᠤᠷᠠᠳ ᠤᠨ ᠭᠠᠵᠠᠷ ᠨᠤᠳᠤᠭ ᠪᠠᠶᠢᠭᠠᠯᠢ ᠠᠬᠤᠢ
ᠨᠡᠶᠢᠲᠡᠯᠡᠭᠰᠡᠨ ᠴᠠᠭ᠄
2024/8/20
    ᠦᠨᠢᠷ ᠪᠠᠶᠠᠯᠢᠭ ᠦᠵᠡᠰᠬᠦᠯᠡᠩᠲᠦ ᠰᠠᠶᠢᠬᠠᠨ ᠤᠷᠤᠨ ᠨᠤᠳᠤᠭ ᠪᠣᠯ ᠦᠪᠦᠷ ᠮᠣᠩᠭᠤᠯ ᠤᠨ ᠦᠨᠳᠦᠷᠯᠢᠭ ᠤᠨ ᠪᠠᠷᠠᠭᠤᠨ ᠪᠡᠶ᠎ᠡ ᠪᠠᠷ ᠤᠷᠤᠰᠢᠵᠤ᠂ ᠤᠮᠠᠷᠠᠳᠤ ᠦᠷᠭᠡᠷᠢᠭ ᠤᠨ 41。07、 — 42。28 、᠂ ᠵᠡᠭᠦᠨ ᠣᠷᠳᠤᠷᠢᠭ ᠤᠨ 107。16 、 — 109。42、 ᠤᠨ ᠬᠤᠭᠤᠷᠤᠨᠳᠤ ᠪᠠᠶᠢᠷᠢᠰᠢᠵᠤ ᠂ ᠵᠡᠭᠦᠨᠰᠢ ᠪᠠᠷᠠᠭᠤᠨᠰᠢ ᠪᠠᠨ ᠪᠠᠷᠤᠭ 378 ᠺᠢᠯᠤᠮᠧᠳ᠋ᠷ᠂ ᠡᠮᠤᠨᠡᠰᠢ ᠤᠮᠠᠷᠠᠰᠢ ᠪᠠᠨ ᠪᠠᠷᠤᠭ 170 ᠺᠢᠯᠤᠮᠧᠳ᠋ᠷ ᠵᠠᠶᠢᠲᠠᠢ᠂ ᠵᠡᠭᠦᠨᠰᠢ ᠪᠠᠷᠠᠭᠤᠨᠰᠢ ᠦᠷᠭᠡᠨ ᠢᠶᠠᠷ ᠢᠶᠠᠨ 203.8 ᠺᠢᠯᠤᠮᠧᠳ᠋ᠷ ᠵᠠᠶᠢᠲᠠᠢ᠂ ᠪᠠᠷᠤᠭᠴᠠᠭᠠᠯᠠᠪᠠᠯ ᠨᠡᠶᠢᠲᠡ 64260 ᠲᠡᠭᠰᠢ ᠳᠦᠷᠪᠡᠯᠵᠢᠨ ᠺᠢᠯᠤᠮᠧᠳ᠋ᠷ ᠲᠠᠯᠠᠪᠠᠢ ᠲᠠᠢ ᠶᠤᠮ᠃ ᠪᠠᠷᠠᠭᠤᠨ ᠬᠤᠶᠢᠨ᠎ᠠ ᠪᠠᠨ ᠠᠯᠳᠠᠨ ᠬᠠᠷᠭᠤᠨ᠎ᠠ ᠠᠭᠤᠯᠠ ᠶᠢᠨ ᠠᠷᠤ ᠬᠤᠷᠮᠤᠢ ᠠᠴᠠ ᠮᠣᠩᠭᠤᠯ ᠤᠯᠤᠰ ᠤᠨ ᠬᠢᠯᠢ ᠬᠦᠷᠲᠡᠯᠡᠬᠢ ᠭᠠᠵᠠᠷ ᠦᠨᠳᠦᠷᠯᠢᠭ ᠤᠨ ᠲᠠᠯ᠎ᠠ ᠨᠤᠲᠤᠭ ᠲᠤ ᠪᠠᠭᠲᠠᠵᠤ᠂ ᠲᠠᠯᠠᠢ ᠶᠢᠨ ᠲᠦᠪᠰᠢᠨ ᠠᠴᠠ ᠲᠤᠮᠳᠠᠴᠢ ᠪᠠᠷ 1020 — 1400 ᠮᠧᠳ᠋ᠷ ᠡᠷᠭᠦᠭᠳᠡᠵᠦ᠂ ᠶᠡᠷᠦᠩᠬᠡᠢ ᠲᠠᠯᠠᠪᠠᠢ ᠨᠢ 30600 ᠲᠡᠭᠰᠢ ᠳᠦᠷᠪᠡᠯᠵᠢᠨ ᠺᠢᠯᠤᠮᠧᠳ᠋ᠷ ᠪᠠᠶᠢᠳᠠᠭ᠃ ᠲᠡᠯᠡᠬᠡᠢ ᠶᠢᠨ ᠪᠦᠮᠪᠦᠷᠴᠡᠭ ᠤᠨ ᠰᠢᠨ᠎ᠡ ᠪᠦᠲᠦᠴᠡ ᠶᠢᠨ ᠠᠵᠢᠯᠯᠠᠭ᠎ᠠ ᠶᠢᠨ ᠦᠶ᠎ᠡ ᠳᠤ ᠡᠮᠦᠨ᠎ᠡ ᠲᠠᠯ᠎ᠠ ᠶᠢᠨ ᠠᠯᠳᠠᠨ ᠬᠠᠷᠭᠤᠨ᠎ᠠ ᠠᠭᠤᠯᠠ ᠨᠢᠷᠤᠭᠤ ᠬᠦᠴᠦᠲᠡᠢ ᠡᠷᠭᠦᠭᠳᠡᠭᠡᠳ ᠬᠤᠶᠢᠰᠢ ᠪᠠᠨ ᠬᠠᠵᠠᠶᠢᠭᠰᠠᠨ ᠲᠠᠯ᠎ᠠ ᠲᠤᠪᠤᠴᠠᠭ ᠦᠷᠭᠦᠯᠵᠢᠯᠡᠭᠰᠡᠨ ᠲᠡᠨᠢᠭᠡᠷ ᠠᠭᠤᠳᠠᠮ ᠦᠨᠳᠦᠷᠯᠢᠭ ᠤᠨ ᠲᠠᠯ᠎ᠠ ᠨᠤᠲᠤᠭ ᠢ ᠪᠣᠢ ᠪᠣᠯᠭᠠᠵᠠᠢ᠃ ᠤᠷᠠᠳ ᠤᠨ ᠲᠠᠯ᠎ᠠ ᠨᠤᠳᠤᠭ ᠪᠣᠯ ᠬᠠᠭᠠᠰ ᠴᠦᠯᠯᠡᠷᠭᠡᠭ ᠮᠠᠶ᠋ᠢᠭ ᠤᠨ ᠲᠦᠷᠦᠯ ᠵᠦᠢᠯ ᠳᠤ ᠪᠠᠭᠳᠠᠵᠤ᠂ ᠦᠩᠰᠢᠭ ᠰᠠᠶᠢᠬᠠᠨ ᠪᠠᠶᠢᠭᠠᠯᠢ ᠶᠢᠨ ᠪᠡᠯᠴᠢᠭᠡᠷ ᠪᠤᠯᠤᠨ ᠲᠤᠭᠳᠠᠭᠰᠠᠨ ᠪᠠᠶᠢᠳᠠᠭ᠃ ᠡᠷᠲᠡ ᠠᠴᠠ ᠠᠪᠤᠭᠠᠳ ᠡᠨᠡ ᠰᠠᠶᠢᠬᠠᠨ ᠲᠠᠯ᠎ᠠ ᠨᠤᠲᠤᠭ ᠳᠡᠭᠡᠷ᠎ᠡ ᠲᠠᠪᠤᠨ ᠬᠤᠰᠢᠭᠤ ᠮᠠᠯ ᠦᠨᠢᠷ ᠦᠰᠦᠭᠡᠳ ᠲᠦᠬᠦᠮ ᠢᠶᠠᠷ ᠳᠦᠭᠦᠷᠡᠩ ᠦᠷᠡᠵᠢᠵᠦ᠂ ᠢᠯᠠᠩᠭᠤᠶ᠎ᠠ ᠬᠤᠶᠠᠷ ᠪᠤᠭᠲᠠ ᠶᠢᠨ ᠴᠠᠭᠠᠨ ᠢᠮᠠᠭ᠎ᠠ᠂ ᠭᠤᠪᠢ ᠶᠢᠨ ᠤᠯᠠᠭᠠᠨ ᠲᠡᠮᠡᠭᠡ ᠨᠢ ᠳᠠᠶᠠᠩ ᠲᠡᠯᠡᠬᠡᠢ ᠳᠤ ᠠᠯᠳᠠᠷᠰᠢᠭᠰᠠᠨ ᠶᠤᠮ᠃ ᠠᠯᠳᠠᠨ ᠬᠠᠷᠭᠤᠨ᠎ᠠ ᠠᠭᠤᠯᠠ ᠶᠢᠨ ᠪᠠᠶᠢᠴᠠ ᠪᠠᠷ ᠬᠤᠶᠠᠷ ᠪᠤᠭᠲᠠ ᠶᠢᠨ ᠠᠭᠤᠯᠠ᠂ ᠰᠠᠷᠢᠳᠠᠭ ᠠᠭᠤᠯᠠ ᠪᠠ ᠮᠣᠨᠠ ᠠᠭᠤᠯᠠ ᠵᠡᠷᠭᠡ ᠭᠤᠷᠪᠠᠨ ᠲᠤᠮᠤ ᠠᠭᠤᠯᠠ ᠰᠦᠨᠳᠡᠷᠯᠡᠨ ᠪᠠᠶᠢᠳᠠᠭ᠃ ᠭᠡᠬᠦ ᠳᠤ ᠪᠠᠨ ᠬᠤᠶᠠᠷ ᠪᠤᠭᠲᠠ ᠶᠢᠨ ᠠᠭᠤᠯᠠ ᠨᠢ ᠳᠠᠯᠠᠢ ᠶᠢᠨ ᠲᠦᠪᠰᠢᠨ ᠠᠴᠠ 1893 ᠮᠧᠳ᠋ᠷ ᠡᠷᠭᠦᠭᠳᠡᠵᠦ᠂ ᠮᠣᠨᠠ ᠶᠢᠨ ᠰᠢᠷ᠎ᠠ ᠤᠷᠤᠢ  ᠨᠢ ᠳᠠᠯᠠᠢ ᠶᠢᠨ ᠲᠦᠪᠰᠢᠨ ᠠᠴᠠ 2324 ᠮᠧᠳ᠋ᠷ ᠡᠷᠭᠦᠭᠳᠡᠭᠡᠳ᠂ ᠬᠠᠨᠠᠨ ᠬᠠᠳᠠ ᠡᠭᠴᠡᠯᠡᠨ ᠪᠤᠰᠴᠤ᠂ ᠬᠠᠯᠢᠯ ᠣᠷᠭᠢᠯ ᠨᠢ ᠰᠡᠭᠦ᠋ᠢᠯᠴᠡᠨ᠂ ᠤᠷᠠᠳ ᠤᠨ ᠬᠦᠮᠦᠰ ᠤᠨ ᠰᠢᠲᠦᠭᠡᠨᠲᠦ ᠬᠠᠶᠢᠷᠬᠠᠨ ᠪᠣᠯᠣᠨ ᠰᠦᠮᠪᠦᠷᠯᠡᠭᠰᠡᠨ ᠶᠤᠮ᠃          ᠮᠣᠩᠭᠤᠯ ᠲᠡᠤᠬᠡ ᠰᠤᠶᠤᠯ ᠤᠨ ᠰᠤᠩᠭᠤᠳᠠᠭ ᠵᠣᠬᠢᠶᠠᠯ ᠤᠨ ᠬᠦᠮᠦᠷᠭᠡ᠂           ᠵᠠᠩ ᠦᠢᠯᠡ ᠶᠢᠨ ᠴᠤᠪᠤᠷᠠᠯ ᠪᠢᠴᠢᠭ ︽ᠤᠷᠠᠳ ᠵᠠᠩ ᠦᠢᠯᠡ︾ ᠠᠴᠠ ᠪᠠᠭᠤᠯᠭᠠᠪᠠ 
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠤᠨ