ᠤᠷᠠᠳ ᠨᠤᠳᠤᠭ ᠤᠨ ᠠᠭᠤᠷᠬᠠᠢ ᠶᠢᠨ ᠭᠠᠷᠤᠯᠲᠠ
ᠨᠡᠶᠢᠲᠡᠯᠡᠭᠰᠡᠨ ᠴᠠᠭ᠄
2024/8/20
      ᠤᠷᠠᠳ ᠨᠤᠳᠤᠭ ᠤᠨ ᠠᠯᠳᠠᠨ ᠬᠠᠷᠭᠤᠨ᠎ᠠ ᠠᠭᠤᠯᠠ ᠨᠢ ᠲᠡᠭᠷᠢ ᠠᠭᠤᠯᠠ ᠶᠢᠨ ᠵᠡᠭᠦᠨᠰᠢ ᠪᠠᠷᠠᠭᠤᠨᠰᠢ ᠴᠢᠭᠯᠡᠯ ᠲᠠᠢ ᠪᠤᠳᠤᠯᠢᠶᠠᠨᠲᠤ ᠭᠠᠵᠠᠷ ᠤᠨ ᠪᠦᠲᠦᠴᠡ ᠶᠢᠨ ᠳᠤᠮᠳᠠᠳᠤ ᠪᠦᠰᠡᠯᠡᠬᠦᠷ ᠲᠤ ᠤᠷᠤᠰᠢᠵᠤ ᠪᠠᠶᠢᠳᠠᠭ ᠠᠴᠠ ᠭᠠᠵᠠᠷ ᠤᠨ ᠳᠠᠪᠬᠤᠷᠭ᠎ᠠ ᠶᠢᠨ ᠪᠤᠶᠢᠵᠢᠯᠲᠡ ᠪᠦᠷᠢᠨ᠂ ᠮᠠᠭᠮᠠ ᠶᠢᠨ ᠬᠦᠳᠡᠯᠭᠡᠭᠡᠨ ᠢᠳᠡᠪᠬᠢᠲᠡᠢ᠂ ᠭᠠᠵᠠᠷ ᠤᠨ ᠳᠠᠪᠬᠤᠷᠭ᠎ᠠ ᠶᠢᠨ ᠪᠦᠳᠦᠴᠡ ᠪᠤᠳᠤᠯᠢᠶᠠᠨᠲᠠᠢ ᠵᠡᠷᠭᠡ ᠭᠠᠵᠠᠷ ᠵᠦᠢ ᠶᠢᠨ ᠲᠤᠳᠤᠷᠬᠠᠢ ᠣᠨᠴᠠᠯᠢᠭ ᠲᠠᠢ ᠪᠣᠯᠵᠤ ᠪᠠᠯᠠᠷ ᠡᠷᠲᠡᠨ ᠤ ᠪᠦᠯᠦᠭ᠂ ᠡᠷᠲᠡᠨ ᠤ ᠠᠮᠢᠳᠤ ᠪᠤᠳᠠᠰ  ᠤᠨ ᠪᠦᠯᠦᠭ᠂ ᠲᠤᠮᠳᠠᠳᠤ ᠡᠷᠲᠡᠨ ᠤ ᠠᠮᠢᠳᠤ ᠪᠤᠳᠠᠰ ᠤᠨ ᠦᠶ᠎ᠡ ᠶᠢᠨ ᠪᠤᠶᠢᠵᠢᠯᠲᠠ ᠶᠢ ᠲᠠᠮᠵᠢᠭᠠᠳ ᠠᠭᠤᠷᠬᠠᠢ ᠶᠢᠨ ᠪᠤᠯᠠᠭᠳᠠᠴᠠ ᠪᠠᠷ ᠲᠦᠢᠯ ᠤᠨ ᠪᠠᠶᠠᠯᠢᠭ ᠣᠷᠤᠨ ᠪᠣᠯᠵᠠᠢ᠃ ᠪᠦᠷᠢᠨ ᠪᠤᠰᠤ ᠪᠦᠷᠢᠳᠭᠡᠯ ᠢ ᠦᠨᠳᠦᠰᠦᠯᠡᠪᠡᠯ᠂ 1985 ᠣᠨ ᠪᠤᠯᠳᠠᠯ᠎ᠠ᠂ ᠤᠷᠠᠳ ᠨᠤᠳᠤᠭ ᠠᠴᠠ ᠣᠯᠳᠠᠭᠰᠠᠨ ᠡᠯ᠎ᠡ ᠵᠦᠢᠯ ᠤᠨ ᠬᠦᠳᠡᠷ ᠤᠨ ᠬᠡᠪᠲᠡᠰᠢ ᠪᠠ ᠬᠦᠳᠡᠷ ᠤᠨ ᠴᠢᠭ ᠤᠳ 431 ᠪᠠᠶᠢᠵᠤ᠂ ᠲᠡᠭᠦᠨ ᠤ ᠲᠤᠳᠤᠷ᠎ᠠ ᠶᠡᠭᠡ ᠬᠡᠮᠵᠢᠶᠡᠨ ᠤ ᠬᠦᠳᠡᠷ ᠤᠨ ᠬᠡᠪᠲᠡᠰᠢ 7᠂ ᠲᠤᠮᠳᠠ ᠬᠡᠮᠵᠢᠶᠡᠨ ᠤ ᠬᠦᠳᠡᠷ ᠤᠨ ᠬᠡᠪᠲᠡᠰᠢ 45᠂ ᠪᠠᠭ᠎ᠠ ᠬᠡᠮᠵᠢᠶᠡᠨ ᠤ ᠬᠦᠳᠡᠷ ᠤᠨ ᠬᠡᠪᠲᠡᠰᠢ 100᠂ ᠬᠦᠲᠡᠷ ᠤᠨ ᠴᠢᠭ ᠤᠳ 249 ᠪᠠᠶᠢᠨ᠎ᠠ᠃      ᠪᠦᠬᠦ ᠤᠯᠤᠰ ᠲᠤ ᠠᠯᠳᠠᠷᠳᠠᠢ ᠬᠤᠶᠠᠷ ᠪᠤᠭᠳᠠ — ᠴᠠᠭᠠᠰᠤᠲᠠᠢ ᠠᠭᠤᠯᠠ ᠶᠢᠨ ᠣᠯᠠᠨ ᠲᠡᠮᠦᠷᠯᠢᠭᠲᠦ ᠪᠤᠯᠪᠠᠰᠤᠷᠠᠭᠰᠠᠨ ᠬᠦᠳᠡᠷ ᠤᠨ ᠪᠦᠰᠡᠨ ᠳᠤ ᠭᠠᠤᠯᠢ᠂ ᠲᠤᠭᠤᠯᠭ᠎ᠠ᠂ ᠴᠠᠶᠢᠷ᠂ ᠬᠦᠬᠦᠷ ᠤᠨ ᠬᠦᠳᠡᠷ ᠤᠨ ᠬᠡᠪᠲᠡᠰᠢ ᠠᠭᠤᠯᠤᠭᠳᠠᠵᠤ ᠪᠠᠶᠢᠨ᠎ᠠ᠃ ᠦᠪᠦᠷ ᠮᠣᠩᠭᠤᠯ ᠳᠤ ᠠᠯᠳᠠᠷᠳᠠᠢ ᠲᠠᠪᠤᠨ ᠶᠡᠭᠡ ᠬᠦᠬᠦᠷᠲᠦ ᠣᠯᠠᠨ ᠲᠡᠮᠦᠷᠯᠢᠭ ᠠᠭᠤᠯᠤᠭᠰᠠᠨ ᠬᠦᠳᠡᠷ ᠤᠨ ᠬᠡᠪᠲᠡᠰᠢ ᠳᠠᠷᠤᠢ ᠤᠷᠠᠳ ᠤᠨ ᠬᠤᠶᠢᠲᠤ ᠬᠤᠰᠢᠭᠤᠨ ᠤ ᠬᠦᠭᠴᠦ ᠶᠢᠨ ᠤᠯᠠᠨ ᠲᠠᠮᠦᠷᠯᠢᠭᠲᠦ ᠭᠠᠤᠯᠢ ᠶᠢᠨ ᠬᠦᠳᠡᠷ ᠤᠨ ᠬᠡᠪᠲᠡᠰᠢ ︵ᠪᠦᠬᠦ ᠤᠯᠤᠰ ᠤᠨ 6 ᠶᠡᠭᠡ ᠭᠠᠤᠯᠢ ᠶᠢᠨ ᠠᠭᠤᠷᠬᠠᠢ ᠶᠢᠨ ᠨᠢᠭᠡ ᠪᠤᠯᠤᠨ᠎ᠠ︶ ᠶᠢᠨ ᠣᠳᠣ ᠨᠢᠭᠡᠨᠲᠡ ᠣᠯᠵᠤ ᠮᠡᠳᠡᠭᠰᠡᠨ ᠭᠠᠤᠯᠢ ᠶᠢᠨ ᠬᠠᠲᠠᠭᠠᠯᠠᠮᠵᠢ ᠨᠢ 122.87 ᠲᠦᠮᠡᠨ ᠲᠤᠨ᠂ ᠴᠠᠶᠢᠷ ᠤᠨ ᠬᠠᠳᠠᠭᠠᠯᠠᠮᠵᠢ ᠨᠢ 768.47 ᠲᠦᠮᠡᠨ ᠲᠤᠨ᠂ ᠦᠪᠦᠷ ᠮᠣᠩᠭᠤᠯ ᠤᠨ ᠭᠠᠤᠯᠢ᠂ ᠴᠠᠶᠢᠷ ᠤᠨ ᠬᠠᠳᠠᠭᠠᠯᠠᠮᠵᠢ ᠶᠢᠨ 38 %᠂ 17 %  ᠶᠢ ᠲᠤᠰ ᠲᠤᠰ ᠡᠵᠡᠯᠡᠵᠦ ᠪᠤᠢ᠃ ᠲᠤᠭᠤᠯᠭ᠎ᠠ ᠶᠢᠨ ᠬᠠᠳᠠᠭᠠᠯᠠᠮᠵᠢ ᠨᠢ 168.8 ᠲᠦᠮᠡᠨ ᠲᠤᠨ᠂ ᠬᠦᠬᠦᠷᠯᠢᠭ ᠲᠡᠮᠦᠷ ᠤᠨ ᠬᠠᠳᠠᠭᠠᠯᠠᠮᠵᠢ ᠨᠢ 5.39 ᠳ᠋ᠦᠩᠰᠢᠭᠤᠷ ᠲᠤᠨ᠂ ᠪᠦᠬᠦ ᠤᠷᠤᠨ ᠤ ᠬᠦᠬᠦᠷᠯᠢᠭ ᠲᠡᠮᠦᠷ ᠤᠨ ᠬᠠᠳᠠᠭᠠᠯᠠᠮᠵᠢ ᠶᠢᠨ 97% ᠶᠢ ᠡᠵᠡᠯᠡᠨ᠎ᠡ᠃       ᠤᠷᠠᠳ ᠲᠤ ᠪᠠᠶᠢᠭ᠎ᠠ ᠠᠭᠤᠷᠬᠠᠢ ᠨᠢ ᠨᠡᠭᠦᠷᠡᠰᠦᠨ ᠠᠭᠤᠷᠬᠠᠢ 5᠂ ᠴᠢᠯᠠᠭᠤᠨ ᠲᠤᠰᠤᠨ ᠤ ᠠᠭᠤᠷᠬᠠᠢ 2᠂ ᠬᠠᠷ᠎ᠠ ᠲᠡᠮᠦᠷ ᠤᠨ ᠠᠭᠤᠷᠬᠠᠢ ᠳᠤ ᠲᠡᠮᠦᠷ᠂ ᠰᠤᠷᠢᠨᠵᠢᠨ ᠬᠦᠷᠦ᠂ ᠤᠯᠠᠭᠠᠨ ᠲᠡᠮᠦᠷ᠂ ᠬᠦᠷᠡᠩ ᠲᠡᠮᠦᠷ᠂ ᠲᠢᠲ᠋ᠠ — ᠰᠤᠷᠢᠨᠵᠢᠨ ᠬᠦᠷᠦ᠂ ᠪᠡᠷᠢ ᠲᠢᠲ᠋ᠠ — ᠰᠣᠷᠢᠨᠵᠢᠨ ᠲᠡᠮᠦᠷ᠂ ᠮᠠᠩᠭᠠᠨ᠂ ᠾᠯᠤᠷᠲᠤ ᠲᠡᠮᠦᠷ ᠵᠡᠷᠭᠡ 7 ᠠᠭᠤᠷᠬᠠᠢ ᠪᠠᠶᠢᠨ᠎ᠠ᠃ ᠦᠩᠭᠡᠲᠦ ᠲᠡᠮᠦᠷᠯᠢᠭ ᠤᠨ ᠠᠭᠤᠷᠬᠠᠢ ᠳᠤ ᠬᠦᠬᠦᠷᠯᠢᠭ ᠲᠡᠮᠦᠷ᠂ ᠬᠦᠳᠡᠷ ᠤᠨ ᠬᠡᠪᠲᠡᠰᠢ 47 ᠪᠣᠢ᠃ ᠪᠠᠰᠠ ᠰᠢᠵᠢᠷ ᠠᠯᠲᠠ᠂ ᠠᠯᠲᠠ᠂ ᠮᠦᠩᠭᠦ ᠬᠢᠭᠡᠳ ᠬᠤᠯᠢᠮᠠᠯ᠂ ᠨᠠᠭᠠᠯᠳᠤᠮᠠᠯ ᠬᠡᠯᠪᠡᠷᠢ ᠪᠠᠷ ᠤᠷᠤᠰᠢᠬᠤ ᠬᠦᠬᠦᠷᠯᠢᠭ ᠲᠡᠮᠦᠷ ᠵᠡᠷᠭᠡ ᠪᠤᠢ᠃ ᠲᠡᠮᠦᠷᠯᠢᠭ ᠬᠠᠶᠢᠯᠠᠭᠤᠯᠬᠤ ᠳᠤ ᠬᠡᠷᠡᠭᠯᠡᠬᠦ ᠮᠠᠲ᠋ᠧᠷᠢᠶᠠᠯ ᠤᠨ ᠠᠭᠤᠷᠬᠠᠢ ᠨᠡᠶᠢᠲᠡ 27 ᠪᠠᠶᠢᠵᠤ᠂ ᠡᠬᠦᠨ ᠳᠤ ᠬᠠᠶᠢᠯᠤᠭᠤᠷ ᠵᠣᠩᠰᠢ᠂ ᠦᠭᠡᠬᠦᠨ ᠴᠢᠯᠠᠭᠤ᠂ ᠮᠠᠭᠨᠢ ᠶᠢᠨ ᠷᠤᠮᠪ᠂ ᠬᠦᠬᠡ ᠠᠯᠳᠠᠯᠢᠭ ᠴᠢᠯᠠᠭᠤ᠂ ᠪᠤᠯᠤᠷ᠂ ᠠᠯᠳᠠᠨ ᠭᠢᠯᠲᠠᠭᠠᠨᠠᠭᠤᠷ᠂ ᠤᠯᠠᠭᠠᠨ ᠪᠢᠳᠦᠷᠶ᠎ᠡ᠂ ᠬᠦᠬᠡ ᠪᠢᠳᠦᠷᠶ᠎ᠡ ᠪᠠ ᠭᠠᠷ ᠤᠷᠠᠯᠠᠯ ᠤᠨ ᠴᠢᠯᠠᠭᠤ ᠵᠡᠷᠭᠡ ᠪᠤᠢ᠃            ᠮᠣᠩᠭᠤᠯ ᠲᠡᠤᠬᠡ ᠰᠤᠶᠤᠯ ᠤᠨ ᠰᠤᠩᠭᠤᠳᠠᠭ ᠵᠣᠬᠢᠶᠠᠯ ᠤᠨ ᠬᠦᠮᠦᠷᠭᠡ᠂           ᠵᠠᠩ ᠦᠢᠯᠡ ᠶᠢᠨ ᠴᠤᠪᠤᠷᠠᠯ ᠪᠢᠴᠢᠭ ︽ᠤᠷᠠᠳ ᠵᠠᠩ ᠦᠢᠯᠡ︾ ᠠᠴᠠ ᠪᠠᠭᠤᠯᠭᠠᠪᠠ   
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠠᠷᠠᠳ ᠤᠨ ᠵᠠᠰᠠᠭ ᠤᠨ ᠣᠷᠳᠤᠨ