ᠲᠤᠰᠬᠠᠢ ᠮᠡᠷᠭᠡᠵᠢᠯᠲᠡᠨ ᠤ ᠪᠠᠶᠢᠴᠠᠭᠠᠨ ᠲᠤᠳᠤᠯᠠᠭᠰᠠᠨ ᠢᠶᠠᠷ ᠤᠷᠠᠳ ᠨᠤᠲᠤᠭ ᠲᠤ ᠨᠡᠶᠢᠲᠡ 378 ᠲᠦᠷᠦᠯ ᠳᠤ ᠬᠠᠷᠢᠶᠠᠯᠠᠭᠳᠠᠬᠤ 918 ᠵᠦᠢᠯ ᠤᠨ | ᠵᠡᠷᠯᠢᠭ ᠤᠷᠭᠤᠮᠠᠯ ᠤᠨ ᠢᠵᠠᠭᠤᠷ ᠲᠤ ᠪᠠᠭᠳᠠᠳᠠᠭ᠂ ᠡᠭᠦᠨ ᠠᠴᠠ ᠭᠠᠳᠠᠨ᠎ᠠ 36 ᠢᠵᠠᠭᠤᠷ ᠲᠤ ᠪᠠᠭᠳᠠᠬᠤ 78 ᠲᠦᠷᠦᠯ ᠤᠨ 178 ᠵᠦᠢᠯ ᠤᠨ ᠮᠤᠳᠤᠯᠢᠭ | ᠤᠷᠭᠤᠮᠠᠯ ᠪᠠᠶᠢᠳᠠᠭ᠃ ᠡᠳᠡᠭᠡᠷ ᠤᠷᠭᠤᠮᠠᠯ ᠤᠨ ᠵᠠᠷᠢᠮ ᠨᠢ ᠢᠳᠡᠰᠢ ᠨᠡᠷᠡᠬᠦ᠂ ᠪᠤᠷᠳᠤᠭ᠎ᠠ ᠬᠢᠬᠦ ᠵᠡᠷᠭᠡ ᠮᠠᠯ ᠠᠵᠤ ᠠᠬᠤᠢ ᠶᠢᠨ ᠦᠨ᠎ᠡ ᠦᠷᠲᠡᠭ ᠲᠠᠢ᠂ ᠵᠠᠷᠢᠮ ᠨᠢ | ᠡᠮ ᠳᠤ ᠤᠷᠤᠵᠤ ᠡᠪᠡᠳᠴᠢᠨ ᠵᠠᠰᠠᠬᠤ ᠡᠮᠴᠢᠯᠡᠭᠡᠨ ᠤ ᠦᠨ᠎ᠡ ᠦᠷᠲᠡᠭ ᠲᠠᠢ ᠪᠠᠶᠢᠳᠠᠭ᠃ ᠪᠤᠳᠠᠳᠠᠢ ᠪᠠᠷ ᠬᠡᠯᠡᠪᠡᠯ ᠠᠳᠤᠭᠤ ᠢᠳᠡᠬᠦ ᠲᠤᠷᠠᠲᠠᠢ ᠠᠭᠢ᠂ ᠴᠠᠭᠠᠯᠵᠢ᠂ | ᠪᠦᠵᠦᠨᠦᠦᠷ᠃ ᠲᠡᠮᠡᠭᠡ ᠢᠳᠡᠬᠦ ᠲᠤᠷᠠᠲᠠᠢ ᠪᠠᠭᠠᠯᠤᠤᠷ᠂ ᠵᠠᠭ᠂ ᠪᠤᠲᠤᠷᠭᠠᠨᠠ᠂ ᠬᠠᠷᠭᠠᠨ᠎ᠠ᠂ ᠴᠠᠬᠢᠯᠳᠠᠭ᠂ ᠰᠤᠨᠳᠤᠤᠯᠠ ᠪᠤᠷᠤᠯᠵᠠᠢ᠂ ᠰᠢᠷᠠᠯᠵᠢ᠃ ᠦᠬᠡᠷ ᠢᠳᠡᠬᠦ | ᠲᠤᠷᠠᠲᠠᠢ ᠲᠡᠷᠡᠰᠦ᠂ ᠰᠣᠯᠢ᠂ ᠴᠠᠭᠠᠯᠵᠢ᠂ ᠲᠠᠭᠠᠨ᠎ᠠ᠃ ᠪᠤᠭ ᠮᠠᠯ ᠢᠳᠡᠬᠦ ᠲᠤᠷᠠᠲᠠᠢ ᠲᠡᠷᠡᠰᠦ᠂ ᠴᠠᠬᠢᠯᠳᠠᠭ᠂ ᠰᠣᠯᠢ᠂ ᠴᠠᠭᠠᠯᠵᠢ᠂ ᠬᠦᠮᠡᠯᠢ ᠲᠠᠭᠠᠨ᠎ᠠ᠂ ᠬᠠᠷ᠎ᠠ | ᠪᠤᠳᠠ᠂ ᠲᠡᠮᠡᠭᠡᠨ ᠬᠦᠬᠦ᠂ ᠮᠦᠬᠦ᠂ ᠬᠠᠯᠠᠭᠠᠢ ᠵᠡᠷᠭᠡ ᠢᠳᠡᠵᠦ ᠪᠤᠯᠬᠤ ᠤᠷᠭᠤᠮᠠᠯ ᠴᠦ ᠦᠷᠭᠡᠨ ᠬᠡᠪᠴᠢᠶ᠎ᠡ ᠪᠠᠷ ᠤᠷᠭᠤᠳᠠᠭ᠃ ᠡᠭᠦᠨ ᠠᠴᠠ ᠭᠠᠳᠠᠨ᠎ᠠ ᠵᠠᠭᠰᠠᠭᠠᠯ᠂ | ᠲᠤᠷᠯᠤᠭ ᠰᠦᠲᠦ ᠡᠪᠡᠰᠦ᠂ ᠬᠠᠮᠬᠤᠤᠯ᠂ ᠯᠣᠣᠯᠢ᠂ ᠭᠦᠢᠯᠡᠰᠦ ᠮᠡᠲᠦ ᠶᠢᠨ ᠤᠷᠭᠤᠮᠠᠯ ᠴᠦ ᠦᠷᠭᠦᠯᠵᠢ ᠬᠠᠷᠠᠭᠳᠠᠳᠠᠭ ᠪᠠᠶᠢᠨ᠎ᠠ᠃ ᠲᠡᠷᠡᠴᠢᠯᠡᠨ ᠬᠦᠯ ᠨᠢᠷᠤᠭᠤᠨ ᠤ | ᠡᠪᠡᠳᠴᠢᠨ ᠵᠠᠰᠠᠬᠤ ᠬᠠᠯᠠᠭᠤᠨ ᠷᠠᠰᠢᠶᠠᠨ ᠳᠤ ᠬᠡᠷᠡᠭᠯᠡᠭᠳᠡᠳᠡᠭ ᠠᠷᠴᠠ᠂ ᠵᠡᠭᠡᠷᠭᠡᠨ᠎ᠡ᠂ ᠠᠭᠢ ᠵᠡᠷᠭᠡ ᠪᠠ ᠲᠡᠮᠡᠭᠡ ᠬᠠᠨᠢᠶᠠᠪᠠᠯ ᠴᠢᠨᠠᠵᠤ ᠦᠭᠳᠡᠭ ᠰᠦᠷᠭᠡᠤ ᠡᠪᠡᠰᠦ ᠭᠡᠬᠦ | ᠮᠡᠲᠦ ᠡᠮ ᠲᠠᠩ ᠳᠤ ᠤᠷᠤᠳᠠᠭ ᠡᠪᠡᠰᠦ ᠴᠦ ᠴᠦᠭᠡᠨ ᠪᠤᠰᠤ ᠵᠦᠢᠯ ᠪᠠᠶᠢᠳᠠᠭ᠃ | ᠡᠳᠡᠭᠡᠷ ᠠᠴᠠ ᠭᠠᠳᠠᠨ᠎ᠠ ᠤᠯᠠᠭᠠᠨ ᠮᠤᠳᠤ᠂ ᠦᠩᠬᠡ ᠮᠤᠳᠤ᠂ ᠴᠠᠭᠠᠨ ᠭᠤᠶᠤᠤ᠂ ᠬᠤᠨᠴᠢᠷ᠂ ᠤᠯᠠᠭᠠᠨ ᠪᠤᠶᠢᠯᠠᠰᠤ᠂ ᠲᠣᠣᠷᠠᠢ᠂ ᠤᠯᠢᠶᠠᠰᠤ ᠵᠡᠷᠭᠡ | ᠤᠯᠤᠰ ᠤᠨ ᠳᠡᠰ ᠤᠨ ᠬᠠᠮᠠᠭᠠᠯᠠᠯᠲᠠ ᠶᠢᠨ ᠤᠷᠭᠤᠮᠠᠯ ᠤᠨ ᠲᠦᠷᠦᠯ ᠵᠦᠢᠯ ᠳᠤ ᠤᠷᠤᠭᠰᠠᠨ ᠡᠪᠡᠰᠦᠨ ᠤ ᠵᠦᠢᠯ ᠴᠦ ᠪᠠᠶᠢᠳᠠᠭ᠃ | ᠮᠣᠩᠭᠤᠯ ᠲᠡᠤᠬᠡ ᠰᠤᠶᠤᠯ ᠤᠨ ᠰᠤᠩᠭᠤᠳᠠᠭ ᠵᠣᠬᠢᠶᠠᠯ ᠤᠨ ᠬᠦᠮᠦᠷᠭᠡ᠂ | ᠵᠠᠩ ᠦᠢᠯᠡ ᠶᠢᠨ ᠴᠤᠪᠤᠷᠠᠯ ᠪᠢᠴᠢᠭ ︽ᠤᠷᠠᠳ ᠵᠠᠩ ᠦᠢᠯᠡ︾ ᠠᠴᠠ ᠪᠠᠭᠤᠯᠭᠠᠪᠠ | |