1. ᠨᠡᠬᠡᠢ — ᠦᠰᠦ ᠨᠢ ᠭᠦᠢᠴᠡᠭᠰᠡᠨ ᠬᠤᠨᠢ ᠶᠢ ᠲᠥᠬᠦᠭᠡᠷᠡᠭᠡᠳ ᠨᠣᠮ ᠤᠨ ᠶᠣᠰᠣ ᠪᠠᠷ ᠥᠪᠴᠢᠵᠦ ᠠᠪᠤᠭᠰᠠᠨ ᠪᠦᠷᠢᠨ ᠪᠦᠲᠦᠨ ᠠᠷᠠᠰᠤ᠃ ᠮᠥᠨ | ᠡᠪᠦᠯ ᠤᠨ ᠴᠠᠭ ᠲᠤ ᠡᠰᠡᠪᠡᠯ ᠨᠠᠮᠤᠷ ᠣᠷᠣᠢ᠂ ᠬᠠᠪᠤᠷ ᠡᠷᠲᠡ ᠦᠬᠦᠭᠰᠡᠨ ᠮᠠᠯ ᠠᠴᠠ ᠥᠪᠴᠢᠵᠦ ᠠᠪᠤᠭᠰᠠᠨ ᠰᠠᠬᠤᠯᠢᠭ ᠦᠰᠦ ᠲᠠᠢ ᠠᠷᠠᠰᠤ᠃ | 2. ᠰᠢᠷᠢ — ᠦᠬᠡᠷ᠂ ᠠᠳᠤᠭᠤ᠂ ᠲᠡᠮᠡᠭᠡ᠂ ᠲᠤᠷᠤᠭ ᠭᠥᠷᠥᠭᠡᠰᠦᠨ ᠤ ᠠᠷᠠᠰᠤ᠃ | 3. ᠲᠤᠷᠠᠰᠭ᠋ᠠ — ᠲᠤᠷᠠᠵᠤ ᠦᠬᠦᠭᠰᠡᠨ ᠪᠤᠭ ᠮᠠᠯ ᠤᠨ ᠬᠥᠷᠥᠰᠥ ᠮᠠᠭᠤᠲᠠᠢ ᠬᠡᠪᠡᠷᠡᠭ ᠠᠷᠠᠰᠤ᠃ | 4. ᠠᠳᠠᠰᠬ᠎ᠠ — ᠡᠪᠡᠳᠴᠢᠨ ᠢᠶᠠᠷ ᠡᠰᠡᠬᠦᠯ᠎ᠡ ᠥᠯᠪᠡᠷᠴᠦ ᠦᠬᠦᠭᠰᠡᠨ ᠮᠠᠯ ᠤᠨ ᠠᠷᠠᠰᠤ ᠰᠢᠷᠢ᠃ ᠠᠳᠠᠰᠬ᠎ᠠ ᠶᠢ ᠨᠣᠬᠠᠢ ᠳᠤ ᠳᠡᠪᠢᠰᠬᠦ᠂ ᠠᠷᠭᠠᠯ ᠬᠤᠷᠭᠤᠯ | ᠪᠦᠲᠡᠭᠡᠬᠦ᠂ ᠦᠨᠡᠰᠦ ᠬᠤᠭ ᠵᠥᠭᠡᠭᠡᠬᠦ ᠳᠤ ᠬᠡᠷᠡᠭᠯᠡᠳᠡᠭ᠃ | 5. ᠬᠥᠳᠥᠰᠥ — ᠡᠯᠳᠡᠭᠰᠡᠨ ᠨᠡᠬᠡᠢ ᠠᠷᠠᠰᠤᠨ ᠤ ᠬᠠᠭᠤᠴᠢᠷᠠᠭᠰᠠᠨ ᠪᠠᠭᠠᠬᠠᠨ ᠬᠡᠰᠡᠭ᠃ | 6. ᠢᠯᠭᠢ — ᠮᠠᠯ ᠭᠥᠷᠥᠭᠡᠰᠦᠨ ᠤ ᠠᠷᠠᠰᠤ ᠶᠢ ᠡᠯᠳᠡᠵᠦ ᠦᠰᠦ ᠶᠢ ᠨᠢ ᠵᠤᠮᠠᠭᠠᠯᠠᠬᠰᠠᠨ ᠨᠡᠬᠡᠢ ᠶᠢ ᠬᠡᠯᠡᠨ᠎ᠡ᠃ | 7. ᠰᠡᠪᠬᠢ — ᠦᠢᠯᠡᠳᠪᠦᠷᠢ ᠶᠢᠨ ᠠᠷᠭ᠎ᠠ ᠪᠠᠷ ᠵᠤᠮᠠᠭᠠᠯᠠᠵᠤ᠂ ᠪᠤᠳᠤᠬᠰᠠᠨ ᠢᠯᠭᠢ ᠶᠢ ᠬᠡᠯᠡᠨ᠎ᠡ᠃ | 8. ᠬᠥᠮ — ᠲᠥᠯ ᠠᠴᠠ ᠳᠡᠭᠡᠭᠰᠢ ᠨᠠᠰᠤᠨ ᠤ ᠪᠤᠳᠠ ᠮᠠᠯ ᠤᠨ ᠡᠯᠳᠡᠵᠦ ᠵᠥᠭᠡᠯᠡᠷᠡᠭᠦᠯᠦᠭᠰᠡᠨ ᠠᠷᠠᠰᠤ᠃ | 9. ᠰᠣᠷᠰᠣᠨ — ᠵᠦᠷ ᠤᠨ ᠠᠷᠠᠰᠤ᠃ ᠪᠣᠷᠣ ᠭᠥᠷᠥᠭᠡᠰᠦᠨ ᠤ ᠡᠮᠡᠭᠴᠢᠨ ᠢ ᠨᠢ ᠵᠦᠷ ᠭᠡᠨ᠎ᠡ᠃ | 10. ᠰᠠᠭᠠᠷᠢ — ᠠᠳᠤᠭᠤ ᠵᠡᠷᠭᠡ ᠮᠠᠯ ᠤᠨ ᠵᠣ᠂ ᠬᠤᠨᠳᠣᠯᠠᠢ ᠶᠢᠨ ᠠᠷᠠᠰᠤ ᠶᠢ ᠪᠤᠯᠪᠠᠰᠤᠷᠠᠭᠤᠯᠵᠤ ᠠᠪᠤᠭᠰᠠᠨ ᠢ ᠬᠡᠯᠡᠨ᠎ᠡ᠃ ᠠᠳᠤᠭᠤᠰᠤᠨ ᠤ ᠴᠤᠯᠭᠤᠢ | ᠠᠷᠠᠰᠤ ᠶᠢ ᠪᠠᠰᠠ ᠰᠠᠭᠠᠷᠢ ᠭᠡᠳᠡᠭ ᠴᠦ ᠪᠤᠢ᠃ | 11. ᠦᠳᠡᠭᠡᠷᠢ — ᠶᠠᠭᠤᠮ᠎ᠠ ᠶᠢ ᠦᠳᠡᠬᠦ ᠳᠤ ᠬᠡᠷᠡᠭᠯᠡᠬᠦ ᠨᠠᠷᠢᠨ ᠵᠦᠰᠦᠭᠰᠡᠨ ᠰᠢᠷᠢ᠃ | 12. ᠰᠠᠷᠢᠰᠤ — ᠬᠤᠨᠢ ᠢᠮᠠᠭᠠᠨ ᠤ ᠠᠷᠠᠰᠤ ᠶᠢ ᠪᠤᠯᠪᠠᠰᠤᠷᠠᠭᠤᠯᠵᠤ ᠬᠢᠭᠰᠡᠨ ᠨᠢᠮᠭᠡᠨ ᠢᠯᠭᠢ᠃ | 13. ᠰᠠᠷᠮᠠᠢ — ᠦᠰᠦ ᠨᠢ ᠵᠢᠭᠳᠡ ᠪᠤᠰᠤ ᠲᠠᠴᠢᠷ᠂ ᠵᠠᠷᠢᠮ ᠬᠡᠰᠡᠭ ᠲᠡᠭᠡᠨ ᠬᠠᠯᠴᠠᠭᠠᠢ ᠠᠷᠠᠰᠤ ᠶᠢ ᠬᠡᠯᠡᠨ᠎ᠡ | 14. ᠳᠠᠷᠵᠠ — ᠲᠠᠴᠢᠷ ᠦᠰᠦ ᠲᠠᠢ ᠬᠤᠨᠢ ᠢᠮᠠᠭᠠᠨ ᠤ ᠠᠷᠠᠰᠤ᠃ | 15. ᠰᠡᠭᠰᠡᠭᠦᠷᠭᠡ — ᠬᠥᠷᠥᠪᠡᠵᠢᠭᠰᠡᠨ᠂ ᠰᠡᠭᠰᠡᠯᠵᠡᠭᠰᠡᠨ ᠶᠡᠭᠡ ᠦᠰᠦ ᠲᠠᠢ ᠬᠤᠷᠠᠭᠠᠨ ᠤ ᠠᠷᠠᠰᠤ᠃ | 16. ᠦᠵᠦᠭᠦᠷᠰᠡᠭ — ᠬᠠᠪᠤᠷ ᠤᠷᠲᠤ ᠶᠢᠨ ᠦᠰᠦ ᠶᠢ ᠬᠢᠷᠭᠠᠭᠰᠠᠨ ᠠᠴᠠ ᠬᠤᠶᠢᠰᠢ ᠤᠷᠭᠤᠵᠤ ᠠᠬᠤᠷ ᠲᠠᠢ ᠪᠣᠯᠤᠭᠰᠠᠨ ᠬᠤᠨᠢᠨ ᠤ ᠠᠷᠠᠰᠤ ᠶᠢ ᠬᠡᠯᠡᠨ᠎ᠡ᠃ | | | | |