— ᠥᠪᠡᠷᠲᠡᠭᠡᠨ ᠵᠠᠰᠠᠬᠤ ᠣᠷᠣᠨ ᠤ ᠡᠨᠧᠷᠭᠢ ᠶᠢᠨ ᠲᠣᠪᠴᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ ᠲᠣᠪᠴᠢᠶᠠᠨ ᠳᠠᠷᠤᠭ᠎ᠠ ᠢᠦᠢ | ᠬᠠᠢ ᠢᠦᠢ ᠶᠢ ᠰᠤᠷᠪᠤᠯᠵᠢᠯᠠᠭᠰᠠᠨ ᠨᠢ | | ᠣᠶᠢᠷ᠎ᠠ ᠳᠤ᠂ ᠤᠯᠤᠰ ᠤᠨ ᠬᠥᠭᠵᠢᠭᠦᠯᠦᠯᠲᠡ ᠪᠠ ᠥᠭᠡᠷᠡᠴᠢᠯᠡᠯᠲᠡ ᠶᠢᠨ ᠵᠥᠪᠯᠡᠯ᠂ ᠠᠵᠤ ᠦᠢᠯᠡᠳᠪᠦᠷᠢ ᠪᠠ ᠮᠡᠳᠡᠭᠡ ᠵᠠᠩᠭᠢᠵᠢᠯᠲᠠ ᠶᠢᠨ ᠶᠠᠮᠤᠨ᠂ ᠤᠯᠤᠰ ᠤᠨ | ᠡᠨᠧᠷᠭᠢ ᠶᠢᠨ ᠲᠣᠪᠴᠢᠶ᠎ᠠ ᠵᠡᠷᠭᠡ ᠵᠢᠷᠭᠤᠭᠠᠨ ᠰᠠᠯᠠᠭ᠎ᠠ ᠮᠥᠴᠢᠷ ᠬᠠᠮᠲᠤᠷᠠᠨ ︽ᠥᠪᠥᠷ ᠮᠣᠩᠭᠤᠯ ᠤᠨ ᠪᠣᠬᠢᠷᠳᠤᠯ ᠦᠭᠡᠢ ᠪᠠᠭ᠎ᠠ ᠨᠡᠭᠦᠷᠡᠰᠦᠲᠥ᠋ᠷᠥᠭᠴᠢᠲᠦ ᠴᠢᠨᠠᠷ | ᠰᠠᠶᠢᠲᠠᠢ ᠬᠥᠭᠵᠢᠯᠲᠡ ᠶᠢ ᠳᠡᠮᠵᠢᠬᠦ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠨᠦᠭᠦᠳ ᠤᠨ ᠲᠤᠬᠠᠢ ᠮᠡᠳᠡᠭᠳᠡᠯ︾ ︵ᠳᠣᠷᠣᠭᠰᠢ ︽ᠲᠥᠷᠥ ᠶᠢᠨ ᠪᠣᠳᠣᠯᠭ᠎ᠠ ᠠᠷᠭ᠎ᠠ | ᠬᠡᠮᠵᠢᠶ᠎ᠡ︾ ᠭᠡᠵᠦ ᠲᠣᠪᠴᠢᠯᠠᠨ᠎ᠠ︶ ᠢ ᠳᠠᠷᠤᠮᠠᠯᠯᠠᠨ ᠲᠠᠷᠬᠠᠭᠠᠵᠤ᠂ ᠥᠪᠥᠷ ᠮᠣᠩᠭᠤᠯ ᠤᠨ ᠪᠣᠬᠢᠷᠳᠤᠯ ᠦᠭᠡᠢ ᠪᠠᠭ᠎ᠠ ᠨᠡᠭᠦᠷᠡᠰᠦᠲᠥ᠋ᠷᠥᠭᠴᠢᠲᠦ ᠪᠠᠷ ᠢᠯᠡ ᠲᠣᠳᠣ | ᠣᠨᠴᠠᠯᠢᠭ ᠪᠤᠯᠭᠠᠬᠰᠠᠨ ᠰᠢᠨ᠎ᠡ ᠴᠢᠨᠠᠷ ᠪᠦᠬᠦᠢ ᠦᠢᠯᠡᠳᠪᠦᠷᠢᠯᠡᠯ ᠤᠨ ᠬᠦᠴᠦᠨ ᠢ ᠶᠡᠭᠡ ᠪᠠᠷ ᠬᠥᠭᠵᠢᠭᠦᠯᠬᠦ ᠶᠢ ᠳᠡᠮᠵᠢᠵᠦ᠂ ᠥᠪᠥᠷ ᠮᠣᠩᠭᠤᠯ ᠤᠨ ᠪᠣᠬᠢᠷᠳᠤᠯ ᠦᠭᠡᠢ | ᠪᠠᠭ᠎ᠠ ᠨᠡᠭᠦᠷᠡᠰᠦᠲᠥ᠋ᠷᠥᠭᠴᠢᠲᠦ ᠴᠢᠨᠠᠷ ᠰᠠᠶᠢᠲᠠᠢ ᠬᠥᠭᠵᠢᠯᠲᠡ ᠶᠢ ᠴᠢᠨᠠᠭᠰᠢᠳᠠ ᠠᠬᠢᠭᠤᠯᠪᠠ᠃ ︽ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ︾ ᠶᠢ ᠬᠡᠷᠬᠢᠨ | ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠥᠪᠥᠷ ᠮᠣᠩᠭᠤᠯ ᠤᠨ ᠡᠨᠧᠷᠭᠢ ᠶᠢᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠲᠤᠬᠠᠢ ᠰᠤᠷᠪᠤᠯᠵᠢᠯᠠᠬᠴᠢ | ᠥᠪᠡᠷᠲᠡᠭᠡᠨ ᠵᠠᠰᠠᠬᠤ ᠣᠷᠣᠨ ᠤ ᠡᠨᠧᠷᠭᠢ ᠶᠢᠨ ᠲᠣᠪᠴᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠣᠪᠴᠢᠶᠠᠨ ᠳᠠᠷᠤᠭ᠎ᠠ ᠢᠦᠢ ᠬᠠᠢ ᠢᠦᠢ ᠶᠢ | ᠰᠤᠷᠪᠤᠯᠵᠢᠯᠠᠪᠠ᠃ | ᠢᠦᠢ ᠬᠠᠢ ᠢᠦᠢ᠂ ︽ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ︾ ᠨᠢ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠰᠢᠨᠵᠢᠯᠡᠨ ᠪᠠᠶᠢᠴᠠᠭᠠᠬᠤ | ᠦᠶ᠎ᠡ ᠶᠢᠨ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠭᠦᠨᠵᠡᠭᠡᠢ ᠨᠠᠶᠢᠳᠠᠪᠤᠷᠢᠵᠢᠭᠤᠯᠬᠤ ᠪᠠ ︽ᠥᠪᠥᠷ ᠮᠣᠩᠭᠤᠯ ᠤᠨ ᠴᠢᠨᠠᠷ ᠰᠠᠶᠢᠲᠠᠢ ᠬᠥᠭᠵᠢᠯᠲᠡ ᠶᠢ | ᠠᠬᠢᠭᠤᠯᠵᠤ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠰᠢᠨ᠎ᠡ ᠬᠠᠭᠤᠳᠠᠰᠤ ᠶᠢ ᠴᠢᠷᠮᠠᠶᠢᠨ ᠪᠢᠴᠢᠭᠯᠡᠬᠦ ᠲᠤᠬᠠᠢ ᠲᠥᠷᠥ ᠶᠢᠨ ᠶᠠᠪᠤᠳᠠᠯ ᠤᠨ | ᠬᠤᠷᠢᠶ᠎ᠠ ᠶᠢᠨ ᠰᠠᠨᠠᠯ︾ ᠢ ᠨᠠᠷᠢᠯᠢᠭᠵᠢᠭᠤᠯᠤᠨ ᠪᠣᠳᠠᠲᠠᠶᠢᠵᠢᠭᠤᠯᠬᠤ ᠲᠠᠢ ᠨᠢᠭᠲᠠ ᠤᠶᠠᠯᠳᠤᠭᠤᠯᠤᠨ᠂ ᠣᠳᠣᠬᠠᠨ ᠤ ᠥᠪᠥᠷ ᠮᠣᠩᠭᠤᠯ ᠤᠨ ᠪᠣᠬᠢᠷᠳᠤᠯ ᠦᠭᠡᠢ ᠪᠠᠭ᠎ᠠ | ᠨᠡᠭᠦᠷᠡᠰᠦᠲᠥ᠋ᠷᠥᠭᠴᠢᠲᠦ ᠴᠢᠨᠠᠷ ᠰᠠᠶᠢᠲᠠᠢ ᠬᠥᠭᠵᠢᠯᠲᠡ ᠶᠢᠨ ᠳᠤᠮᠳᠠ ᠲᠤᠯᠭᠠᠷᠠᠵᠤ ᠪᠠᠶᠢᠭ᠎ᠠ ᠭᠤᠣᠯᠳᠠᠯᠭ᠎ᠠ ᠲᠠᠢ ᠬᠦᠴᠢᠷ ᠠᠰᠠᠭᠤᠳᠠᠯ ᠳᠤ ᠨᠠᠷᠢᠯᠢᠭ ᠣᠨᠣᠴᠠᠲᠠᠢ ᠪᠠᠷ | ᠠᠩᠬᠠᠷᠤᠯ ᠢᠶᠠᠨ ᠲᠥᠪᠯᠡᠷᠡᠭᠦᠯᠵᠦ᠂ ᠥᠪᠥᠷ ᠮᠣᠩᠭᠤᠯ ᠤᠨ ᠤᠯᠤᠰ ᠤᠨ ᠰᠢᠨ᠎ᠡ ᠡᠨᠧᠷᠭᠢ ᠪᠣᠯᠣᠨ ᠲᠡᠷᠢᠭᠦᠨ ᠤ ᠡᠨᠧᠷᠭᠢ ᠶᠢᠨ ᠬᠤᠷᠣᠭᠳᠠᠯ ᠨᠢᠭᠲᠠᠷᠠᠭᠰᠠᠨ ᠭᠡᠯᠪᠡᠷᠢ | ᠶᠢᠨ ᠠᠵᠤ ᠦᠢᠯᠡᠰ ᠤᠨ ᠠᠭᠤᠰᠤᠯᠴᠠᠨ ᠬᠥᠭᠵᠢᠬᠦ ᠲᠥᠪᠯᠡᠷᠡᠭᠰᠡᠨ ᠣᠷᠣᠨ ᠢ ᠪᠠᠶᠢᠭᠤᠯᠬᠤ ᠶᠢ ᠳᠡᠮᠵᠢᠬᠦ ᠵᠡᠷᠭᠡ ᠥᠪᠥᠷ ᠮᠣᠩᠭᠤᠯ ᠤᠨ ᠪᠣᠳᠠᠲᠤ ᠪᠠᠶᠢᠳᠠᠯ ᠳᠤ | ᠨᠡᠶᠢᠴᠡᠬᠦ᠂ ᠬᠠᠨᠳᠤᠯᠭᠠᠲᠤ ᠴᠢᠨᠠᠷ ᠪᠣᠯᠣᠨ ᠬᠡᠷᠡᠭᠵᠢᠭᠦᠯᠵᠦ ᠪᠣᠯᠬᠤᠶᠢᠴᠠ ᠴᠢᠨᠠᠷ ᠢᠶᠠᠷ ᠴᠥᠮ ᠮᠠᠰᠢ ᠴᠢᠩᠭ᠎ᠠ ᠳᠡᠮᠵᠢᠯᠭᠡ ᠶᠢᠨ ᠲᠥᠷᠥ ᠶᠢᠨ ᠪᠣᠳᠣᠯᠭ᠎ᠠ ᠶᠢ ᠳᠤᠷᠠᠳᠴᠤ᠂ | ᠲᠤᠶᠢᠯ ᠤᠨ ᠦᠨ᠎ᠡ ᠴᠡᠨ᠎ᠡ ᠲᠠᠢ ᠪᠠᠶᠢᠵᠤ᠂ ᠥᠪᠥᠷ ᠮᠣᠩᠭᠤᠯ ᠤᠨ ᠪᠣᠬᠢᠷᠳᠤᠯ ᠦᠭᠡᠢ ᠪᠠᠭ᠎ᠠ ᠨᠡᠭᠦᠷᠡᠰᠦᠲᠥ᠋ᠷᠥᠭᠴᠢᠲᠦ ᠴᠢᠨᠠᠷ ᠰᠠᠶᠢᠲᠠᠢ ᠬᠥᠭᠵᠢᠯᠲᠡ ᠶᠢ ᠭᠦᠨᠵᠡᠭᠡᠢ | ᠠᠬᠢᠭᠤᠯᠬᠤ ᠳᠤ ᠶᠡᠭᠡ ᠠᠰᠢᠭᠲᠠᠢ ᠪᠥᠭᠡᠳ ᠡᠨᠧᠷᠭᠢ ᠶᠢᠨ ᠴᠢᠨᠠᠷ ᠰᠠᠶᠢᠲᠠᠢ ᠬᠥᠭᠵᠢᠯᠲᠡ ᠳᠤ ᠰᠢᠨ᠎ᠡ ᠬᠦᠴᠦᠷᠬᠡᠭ ᠶᠡᠭᠡ ᠬᠥᠳᠡᠯᠭᠡᠬᠦ ᠬᠦᠴᠦᠨ ᠢ ᠣᠯᠭᠤᠵᠤ᠂ ᠰᠢᠨ᠎ᠡ | ᠬᠤᠪᠣᠷ ᠨᠠᠨᠳᠢᠨ ᠠᠵᠠ ᠲᠣᠭᠢᠶᠠᠯ ᠢ ᠬᠠᠩᠭᠠᠭᠰᠠᠨ ᠪᠠᠶᠢᠨ᠎ᠠ ᠭᠡᠵᠦ ᠢᠯᠡᠳᠬᠡᠪᠡ᠃ | ︽ᠥᠪᠥᠷ ᠮᠣᠩᠭᠤᠯ ᠤᠯᠤᠰ ᠤᠨ ᠴᠢᠬᠤᠯᠠ ᠡᠨᠧᠷᠭᠢ ᠶᠢᠨ ᠰᠠᠭᠤᠷᠢᠨ ᠪᠣᠯᠤᠭᠰᠠᠨ ᠤ ᠬᠤᠪᠢ ᠳᠤ ᠪᠣᠬᠢᠷᠳᠤᠯ ᠦᠭᠡᠢ ᠪᠠᠭ᠎ᠠ ᠨᠡᠭᠦᠷᠡᠰᠦᠲᠥ᠋ᠷᠥᠭᠴᠢᠲᠦ ᠪᠠᠷ ᠢᠯᠡ | ᠲᠣᠳᠣ ᠣᠨᠴᠠᠯᠢᠭ ᠪᠤᠯᠭᠠᠬᠰᠠᠨ ᠰᠢᠨ᠎ᠡ ᠴᠢᠨᠠᠷ ᠪᠦᠬᠦᠢ ᠦᠢᠯᠡᠳᠪᠦᠷᠢᠯᠡᠯ ᠤᠨ ᠬᠦᠴᠦᠨ ᠢ ᠶᠡᠭᠡ ᠪᠠᠷ ᠬᠥᠭᠵᠢᠭᠦᠯᠵᠦ᠂ ᠪᠣᠬᠢᠷᠳᠤᠯ ᠦᠭᠡᠢ ᠪᠠᠭ᠎ᠠ | ᠨᠡᠭᠦᠷᠡᠰᠦᠲᠥ᠋ᠷᠥᠭᠴᠢᠲᠦ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠵᠤ᠂ ᠡᠨᠧᠷᠭᠢ ᠶᠢᠨ ᠬᠦᠷᠢᠶᠡᠨ ᠳᠤ ᠲᠣᠭᠲᠠᠪᠤᠷᠢᠵᠢᠭᠤᠯᠤᠭᠴᠢ᠂ ᠳᠠᠭᠠᠭᠤᠯᠤᠭᠴᠢ᠂ ᠨᠠᠩ ᠴᠤ | ᠤᠷᠢᠳ ᠢᠶᠠᠷ ᠬᠡᠷᠡᠭᠵᠢᠭᠦᠯᠬᠦ ᠭᠠᠵᠠᠷ᠂ ᠵᠢᠱᠢᠶ᠎ᠡ ᠦᠵᠡᠭᠦᠯᠭᠦ ᠭᠠᠵᠠᠷ ᠪᠣᠯᠣᠨ᠎ᠠ᠃ ︿ᠲᠦᠷᠦ ᠶᠢᠨ ᠪᠣᠳᠣᠯᠭ᠎ᠠ ᠠᠷᠭ᠎ᠠ ᠬᠡᠮᠵᠢᠶ᠎ᠡ﹀ ᠶᠢ ᠳᠠᠷᠤᠮᠠᠯᠯᠠᠨ ᠲᠠᠷᠬᠠᠭᠠᠭᠰᠠᠨ ᠤ | ᠳᠠᠷᠠᠭ᠎ᠠ᠂ ᠪᠢᠳᠡ ᠲᠡᠷᠡ ᠳᠠᠷᠤᠢ ᠳᠤᠨᠢ ᠲᠣᠪᠴᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ︵ᠥᠷᠭᠡᠳᠬᠡᠭᠰᠡᠨ︶ ᠤᠨ ᠬᠤᠷᠠᠯ ᠢ ᠬᠤᠷᠠᠯᠳᠤᠭᠤᠯᠵᠤ | ᠲᠤᠭᠤᠰᠢᠯᠠᠭᠤᠯᠤᠨ ᠨᠠᠶᠢᠳᠠᠪᠤᠷᠢᠵᠢᠭᠤᠯᠬᠤ ᠠᠵᠢᠯ ᠢ ᠰᠤᠳᠤᠯᠤᠨ ᠪᠠᠶᠢᠷᠢᠯᠠᠭᠤᠯᠪᠠ︾ ᠭᠡᠵᠦ ᠢᠦᠢ ᠬᠠᠢ ᠢᠦᠢ ᠬᠡᠯᠡᠪᠡ᠃ ᠲᠡᠷᠡ᠂ ᠳᠠᠷᠠᠭᠠᠴᠢ ᠶᠢᠨ ᠠᠯᠬᠤᠮ ᠳᠤ | ᠥᠪᠡᠷᠲᠡᠭᠡᠨ ᠵᠠᠰᠠᠬᠤ ᠣᠷᠣᠨ ᠤ ᠡᠨᠧᠷᠭᠢ ᠶᠢᠨ ᠲᠣᠪᠴᠢᠶ᠎ᠠ ᠥᠪᠡᠷᠲᠡᠭᠡᠨ ᠵᠠᠰᠠᠬᠤ ᠣᠷᠣᠨ ᠤ ᠡᠨᠧᠷᠭᠢ ᠶᠢᠨ ᠠᠵᠤ ᠦᠢᠯᠡᠰ ᠤᠨ ᠣᠨᠴᠠᠯᠢᠭᠲᠤ ᠳᠠᠪᠠᠭᠤᠯᠢᠭ ᠲᠠᠭᠠᠨ | ᠰᠠᠭᠤᠷᠢᠯᠠᠵᠤ᠂ ᠠᠵᠠ ᠲᠣᠭᠢᠶᠠᠯ ᠢ ᠠᠮᠵᠢᠵᠤ᠂ ᠠᠴᠢ ᠡᠨᠡᠷᠢᠯ ᠳᠤ ᠲᠠᠯᠠᠷᠬᠠᠨ ᠡᠷᠡᠯᠬᠡᠭᠯᠡᠨ ᠤᠷᠤᠭᠰᠢᠯᠠᠵᠤ᠂ ︽ᠲᠦᠷᠦ ᠶᠢᠨ ᠪᠣᠳᠣᠯᠭ᠎ᠠ ᠠᠷᠭ᠎ᠠ ᠬᠡᠮᠵᠢᠶ᠎ᠡ︾ ᠶᠢ | ᠨᠠᠶᠢᠳᠠᠪᠤᠷᠢᠵᠢᠭᠤᠯᠤᠨ ᠪᠣᠳᠠᠲᠠᠶᠢᠵᠢᠭᠤᠯᠬᠤ ᠶᠢ ᠪᠦᠭᠦ ᠬᠦᠴᠦᠨ ᠢᠶᠠᠷ ᠠᠬᠢᠭᠤᠯᠵᠤ᠂ ᠳᠣᠣᠷᠠᠬᠢ ᠬᠡᠳᠦᠨ ᠲᠠᠯ᠎ᠠ ᠶᠢᠨ ᠠᠵᠢᠯ ᠢ ᠭᠤᠣᠯᠳᠠᠯᠭ᠎ᠠ ᠲᠠᠢ ᠰᠠᠶᠢᠲᠤᠷ ᠬᠢᠨ᠎ᠡ᠃ | — ᠠᠵᠢᠯ ᠤᠨ ᠲᠣᠭᠲᠠᠴᠠ ᠶᠢ ᠲᠡᠭᠦᠯᠳᠡᠷᠵᠢᠭᠦᠯᠦᠨ ᠨᠠᠶᠢᠳᠠᠪᠤᠷᠢᠵᠢᠭᠤᠯᠤᠨ᠎ᠠ᠃ ︽ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ︾ ᠳᠤ ᠳᠤᠷᠠᠳᠤᠭᠰᠠᠨ ᠡᠯ᠎ᠡ | ᠵᠦᠢᠯ ᠤᠨ ᠲᠥᠷᠥ ᠶᠢᠨ ᠪᠣᠳᠣᠯᠭ᠎ᠠ ᠠᠷᠭ᠎ᠠ ᠬᠡᠮᠵᠢᠶ᠎ᠡ ᠶᠢ ᠣᠨᠣᠪᠴᠢᠲᠠᠶ ᠣᠶᠢᠯᠠᠭᠠᠨ ᠡᠵᠡᠮᠰᠢᠵᠦ᠂ ᠡᠭᠦᠷᠭᠡ ᠶᠢᠨ ᠪᠢᠴᠢᠭ᠂ ᠴᠠᠭ ᠤᠨ ᠬᠦᠰᠦᠨᠦᠭᠲᠦ᠂ ᠪᠠᠷᠢᠯᠭ᠎ᠠ ᠶᠢᠨ | ᠵᠢᠷᠤᠭ ᠢ ᠵᠦᠢᠯ ᠵᠤᠷᠪᠤᠰ ᠳᠠᠷᠠᠭᠠᠯᠠᠨ ᠨᠠᠷᠢᠯᠢᠭᠵᠢᠭᠤᠯᠤᠨ ᠲᠣᠳᠣᠷᠬᠠᠶᠢᠯᠠᠨ᠎ᠠ᠃ ᠮᠣᠩᠭᠤᠯ ᠮᠣᠷᠢᠨ ᠤ ᠵᠣᠷᠢᠭ ᠰᠠᠨᠠᠭ᠎ᠠ ᠶᠢ ᠶᠡᠭᠡ ᠪᠠᠷ ᠪᠠᠳᠠᠷᠠᠭᠤᠯᠵᠤ᠂ ᠥᠷᠯᠥᠭᠡ | ᠦᠳᠡᠰᠢ ᠶᠢ ᠲᠡᠮᠡᠴᠡᠵᠦ ᠴᠢᠷᠮᠠᠶᠢᠨ ᠠᠵᠢᠯᠯᠠᠵᠤ᠂ ︽ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠬᠤ︾ ᠢᠨᠵᠧᠨᠧᠷᠢᠩ ᠢ ᠬᠡᠷᠡᠭᠵᠢᠭᠦᠯᠬᠦ ᠲᠠᠢ ᠤᠶᠠᠯᠳᠤᠭᠤᠯᠤᠨ᠂ | ᠬᠥᠳᠡᠯᠦᠩᠭᠦᠢ ᠪᠠᠷ ᠬᠢᠨᠠᠨ ᠬᠡᠮᠵᠢᠬᠦ ᠪᠠ ᠲᠣᠭᠲᠠᠮᠠᠯ ᠬᠤᠭᠤᠴᠠᠭ᠎ᠠ ᠲᠠᠢ ᠪᠠᠷ ᠦᠨᠡᠯᠡᠨ ᠵᠢᠱᠢᠬᠦ ᠶᠢ ᠴᠢᠩᠭᠠᠳᠬᠠᠵᠤ᠂ ᠡᠯ᠎ᠡ ᠵᠦᠢᠯ ᠤᠨ ᠳᠡᠮᠵᠢᠯᠭᠡ ᠶᠢᠨ ᠲᠥᠷᠥ ᠶᠢᠨ | ᠪᠣᠳᠣᠯᠭ᠎ᠠ ᠶᠢ ᠦᠨᠡᠨ ᠬᠦ ᠭᠦᠢᠴᠡᠳ ᠰᠠᠶᠢᠲᠤᠷ ᠬᠡᠷᠡᠭᠯᠡᠵᠦ᠂ ᠲᠥᠷᠥ ᠶᠢᠨ ᠪᠣᠳᠣᠯᠭ᠎ᠠ ᠶᠢ ᠨᠠᠶᠢᠳᠠᠪᠤᠷᠢᠵᠢᠭᠤᠯᠤᠨ ᠣᠨᠳᠣᠣᠰᠢᠭᠤᠯᠬᠤ ᠶᠢ ᠯᠠᠪᠳᠠᠭᠤᠨ ᠪᠠᠲᠤᠲᠠᠢ | ᠰᠠᠶᠢᠲᠤᠷ ᠠᠳᠬᠤᠨ᠎ᠠ᠃ | — ᠰᠢᠨ᠎ᠡ ᠡᠨᠧᠷᠭᠢ ᠶᠢᠨ ᠠᠵᠢᠯ ᠢ ᠡᠷᠡᠰ ᠭᠤᠶᠢᠪᠢᠰᠢ ᠦᠭᠡᠢ ᠪᠠᠷ ᠴᠢᠩᠭ᠎ᠠ ᠠᠳᠬᠤᠨ ᠲᠦᠷᠭᠡᠨ ᠥᠷᠨᠢᠭᠦᠯᠦᠨ᠎ᠡ᠃ ᠴᠠᠭ ᠬᠤᠭᠤᠴᠠᠭᠠᠨ ᠤ ︽ᠴᠣᠩᠬᠤᠪᠴᠢ | ᠬᠤᠭᠤᠴᠠᠭ᠎ᠠ︾ ᠶᠢ ᠵᠠᠪᠳᠤᠨ ᠠᠳᠬᠤᠵᠤ᠂ ᠡᠨᠧᠷᠭᠢ ᠲᠣᠣᠷ ᠳᠠᠭᠠᠭᠠᠴᠠ ᠨᠥᠭᠡᠴᠡ ᠶᠢᠨ ᠲᠥᠷᠥᠯ ᠵᠦᠢᠯ ᠤᠨ ᠲᠥᠯᠦᠪᠵᠢᠭᠦᠯᠭᠡ ᠪᠦᠲᠦᠭᠡᠨ ᠪᠠᠶᠢᠭᠤᠯᠤᠯᠲᠠ ᠶᠢ ᠨᠢᠭᠡ | ᠴᠣᠭᠴᠠᠵᠢᠭᠤᠯᠤᠨ ᠠᠬᠢᠭᠤᠯᠤᠨ᠎ᠠ᠃ ᠰᠢᠨ᠎ᠡ ᠡᠨᠧᠷᠭᠢ ᠶᠢᠨ ᠲᠥᠯᠦᠪᠵᠢᠭᠦᠯᠭᠡ᠂ ᠪᠠᠶᠢᠷᠢᠰᠢᠭᠤᠯᠤᠯᠲᠠ ᠶᠢ ᠨᠢᠭᠡᠳᠦᠯᠲᠡᠢ ᠲᠥᠯᠥᠪᠵᠢᠭᠦᠯᠦᠨ ᠰᠢᠯᠢᠳᠡᠭᠵᠢᠭᠦᠯᠵᠦ᠂ ︽ᠡᠯᠡᠰᠦ | ᠭᠤᠪᠢ ᠴᠦᠯ︾ ᠤᠨ ᠲᠣᠮᠣ ᠰᠠᠭᠤᠷᠢᠨ ᠤ ᠲᠦᠷᠦᠯ ᠵᠦᠢᠯ ᠤᠨ ᠡᠮᠦᠨᠡᠬᠢ ᠬᠤᠭᠤᠴᠠᠭᠠᠨ ᠤ ᠠᠵᠢᠯ ᠢ ᠲᠦᠷᠭᠡᠳᠬᠡᠨ ᠠᠬᠢᠭᠤᠯᠵᠤ᠂ ︽ᠭᠡᠷᠡᠯᠴᠢ ᠴᠡᠨᠡᠭ + ᠠᠮᠢ | ᠠᠬᠤᠢ ᠶᠢᠨ ᠵᠠᠰᠠᠯᠲᠠ︾ ᠶᠢᠨ ᠵᠠᠭᠪᠤᠷ ᠢ ᠶᠡᠭᠡ ᠪᠠᠷ ᠳᠡᠯᠭᠡᠷᠡᠭᠦᠯᠵᠦ᠂ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠪᠠ ᠰᠠᠯᠬᠢᠨ ᠬᠦᠴᠦᠨ ᠤ ᠴᠠᠭᠢᠯᠭᠠᠨ | ᠭᠡᠷᠡᠯᠴᠢ ᠴᠡᠨᠡᠭ ᠢ ᠨᠢᠭᠡ ᠴᠣᠭᠴᠠᠵᠢᠭᠤᠯᠬᠤ ᠢᠨᠵᠧᠨᠧᠷᠢᠩ ᠢ ᠭᠦᠨᠵᠡᠭᠡᠢ ᠬᠡᠷᠡᠭᠵᠢᠭᠦᠯᠵᠦ᠂ ᠲᠦᠷᠦᠯ ᠵᠦᠢᠯ ᠢ ᠮᠥᠷᠳᠡᠨ ᠲᠣᠬᠢᠷᠠᠭᠤᠯᠬᠤ ᠶᠢ ᠴᠢᠩᠭᠠᠳᠬᠠᠵᠤ᠂ ᠨᠢᠭᠡᠨᠲᠡ | ᠴᠣᠬᠤᠯᠠᠪᠤᠷᠢᠯᠠᠭᠰᠠᠨ ᠲᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠤᠨ᠎ᠠ᠃ ᠵᠣᠬᠢᠰᠲᠠᠢ ᠤᠷᠢᠳᠴᠢᠯᠠᠭᠤᠯᠬᠤ᠂ ᠰᠢᠯᠢᠳᠡᠭᠵᠢᠭᠦᠯᠦᠨ | ᠬᠦᠴᠦᠷᠬᠡᠭᠵᠢᠭᠦᠯᠬᠦ ᠵᠠᠷᠴᠢᠮ ᠢ ᠪᠠᠷᠢᠮᠲᠠᠯᠠᠨ᠂ ᠲᠣᠣᠷ ᠢ ᠬᠦᠴᠦᠷᠬᠡᠭᠵᠢᠭᠦᠯᠬᠦ᠂ ᠲᠣᠣᠷ ᠢ ᠬᠤᠯᠪᠣᠬᠤ᠂ ᠭᠠᠳᠠᠭᠰᠢ ᠬᠦᠷᠭᠡᠬᠦ ᠢᠨᠵᠧᠨᠧᠷᠢᠩ ᠤᠨ ᠰᠤᠳᠤᠯᠭᠠᠨ ᠤ | ᠲᠥᠯᠦᠪᠵᠢᠭᠦᠯᠭᠡ ᠶᠢ ᠥᠷᠨᠢᠭᠦᠯᠦᠨ᠂ ᠨᠡᠮᠡᠭᠳᠡᠯ ᠴᠠᠭᠢᠯᠭᠠᠨ ᠲᠣᠣᠷ ᠢ ᠲᠣᠬᠢᠷᠠᠭᠤᠯᠬᠤ᠂ ᠵᠢᠵᠢᠭ ᠴᠠᠭᠢᠯᠭᠠᠨ ᠲᠣᠣᠷ ᠤᠨ ᠲᠥᠯᠦᠪᠵᠢᠭᠦᠯᠭᠡ ᠶᠢᠨ ᠪᠦᠲᠦᠭᠡᠨ | ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠭᠠᠳᠠᠭᠰᠢ ᠬᠦᠷᠭᠡᠬᠦ ᠵᠠᠮ ᠱᠤᠭᠤᠮ ᠢ ᠲᠦᠷᠭᠡᠬᠡᠨ ᠬᠢᠨᠠᠨ ᠵᠥᠪᠰᠢᠶᠡᠷᠡᠬᠦ᠂ ᠡᠷᠲᠡᠬᠡᠨ ᠪᠦᠲᠦᠭᠡᠨ ᠪᠠᠶᠢᠭᠤᠯᠬᠤ ᠪᠠᠷ | ᠴᠢᠷᠮᠠᠶᠢᠵᠤ᠂ ᠨᠥᠭᠡᠴᠡ ᠴᠠᠭᠢᠯᠭᠠᠨ ᠲᠣᠣᠷ ᠤᠨ ᠢᠨᠵᠧᠨᠧᠷᠢᠩ ᠤᠨ ᠲᠥᠷᠥᠯ ᠵᠦᠢᠯ ᠢ ᠱᠠᠯᠠᠪᠳᠠᠨ ᠪᠦᠲᠦᠭᠡᠨ ᠪᠠᠶᠢᠭᠤᠯᠵᠤ᠂ ᠨᠥᠭᠡᠴᠡ ᠬᠡᠮᠵᠢᠶ᠎ᠡ ᠶᠢ ᠭᠠᠳᠠᠭᠰᠢ | ᠬᠦᠷᠭᠡᠬᠦ ᠵᠠᠮ ᠱᠤᠭᠤᠮ ᠤᠨ ᠰᠢᠨ᠎ᠡ ᠡᠨᠧᠷᠭᠢ ᠬᠦᠷᠭᠡᠬᠦ ᠬᠡᠪᠴᠢᠶ᠎ᠡ ᠶᠢ ᠳᠠᠰᠤᠷᠠᠯᠳᠠ ᠦᠭᠡᠢ ᠳᠡᠭᠡᠭᠰᠢᠯᠡᠭᠦᠯᠦᠨ᠎ᠡ᠃ ᠵᠠᠬ᠎ᠠ ᠳᠡᠯᠭᠡᠭᠦᠷᠴᠢᠯᠡᠬᠦ ᠠᠷᠭ᠎ᠠ ᠮᠠᠶ᠋ᠢᠭ ᠢᠶᠠᠷ | ᠳᠠᠮᠵᠢᠭᠤᠯᠤᠨ ᠰᠢᠨ᠎ᠡ ᠡᠨᠧᠷᠭᠢ ᠶᠢ ᠰᠢᠩᠭᠡᠬᠡᠨ ᠠᠪᠬᠤ ᠣᠷᠣᠨ ᠵᠠᠢ ᠶᠢ ᠥᠷᠭᠡᠳᠬᠡᠬᠦ ᠶᠢ ᠵᠣᠷᠢᠭᠵᠢᠭᠤᠯᠵᠤ᠂ ᠲᠡᠷᠢᠭᠦᠨ ᠤ ᠡᠨᠧᠷᠭᠢ ᠶᠢᠨ ᠬᠤᠷᠣᠭᠳᠠᠭᠤᠯᠤᠯ ᠶᠡᠬᠡᠲᠡᠢ | ᠲᠥᠷᠥᠯ ᠵᠦᠢᠯ ᠤᠨ ᠪᠣᠬᠢᠷᠳᠤᠯ ᠦᠭᠡᠢ ᠴᠠᠭᠢᠯᠭᠠᠨ ᠢᠶᠠᠷ ᠣᠷᠣᠯᠠᠭᠤᠯᠬᠤ ᠶᠢ ᠲᠦᠷᠭᠡᠳᠬᠡᠨ ᠳᠡᠯᠭᠡᠷᠡᠭᠦᠯᠦᠨ᠎ᠡ᠃ ᠰᠢᠨ᠎ᠡ ᠭᠡᠯᠪᠡᠷᠢ ᠶᠢᠨ ᠡᠨᠧᠷᠭᠢ ᠬᠠᠳᠠᠭᠠᠯᠠᠬᠤ ᠵᠢᠱᠢᠶ᠎ᠡ | ᠦᠵᠡᠭᠦᠯᠭᠦ ᠢᠨᠵᠧᠨᠧᠷᠢᠩ ᠤᠨ ᠪᠦᠲᠦᠭᠡᠨ ᠪᠠᠶᠢᠭᠤᠯᠤᠯᠲᠠ᠂ ᠪᠠᠶᠢᠷᠢᠰᠢᠭᠤᠯᠤᠯᠲᠠ ᠶᠢ ᠥᠷᠨᠢᠭᠦᠯᠵᠦ᠂ ᠤᠰᠤ ᠲᠠᠲᠠᠵᠤ ᠡᠨᠧᠷᠭᠢ ᠬᠠᠳᠠᠭᠠᠯᠠᠬᠤ ᠲᠦᠷᠦᠯ ᠵᠦᠢᠯ ᠤᠨ | ᠲᠥᠯᠦᠪᠵᠢᠭᠦᠯᠭᠡ ᠶᠢᠨ ᠪᠦᠲᠦᠭᠡᠨ ᠪᠠᠶᠢᠭᠤᠯᠤᠯᠲᠠ ᠶᠢ ᠲᠦᠷᠭᠡᠳᠬᠡᠨ᠎ᠡ᠃ ᠪᠦᠭᠦ ᠵᠢᠯ ᠳᠤ ᠰᠢᠨ᠎ᠡ ᠡᠨᠧᠷᠭᠢ ᠶᠢᠨ ᠮᠠᠰᠢᠨ ᠴᠣᠭᠴᠠᠯᠠᠪᠤᠷᠢ ᠶᠢᠨ ᠬᠡᠪᠴᠢᠶ᠎ᠡ ᠶᠢ 4000 | ᠲᠦᠮᠡᠨ ᠺᠢᠯᠣᠸᠠᠲ ᠠᠴᠠ ᠳᠡᠭᠡᠭᠰᠢ ᠰᠢᠨ᠎ᠡ ᠪᠠᠷ ᠨᠡᠮᠡᠭᠳᠡᠭᠦᠯᠬᠦ ᠶᠢ ᠦᠨᠡᠨ ᠬᠦ ᠪᠠᠲᠤᠯᠠᠵᠤ᠂ ᠰᠢᠨ᠎ᠡ ᠡᠨᠧᠷᠭᠢ ᠶᠢᠨ ᠮᠠᠰᠢᠨ ᠴᠣᠭᠴᠠᠯᠠᠪᠤᠷᠢ ᠶᠢᠨ ᠬᠡᠪᠴᠢᠶ᠎ᠡ ᠶᠢ | ᠢᠯᠴᠢ ᠶᠢᠨ ᠴᠠᠭᠢᠯᠭᠠᠨ ᠤ ᠮᠠᠰᠢᠨ ᠴᠣᠭᠴᠠᠯᠠᠪᠤᠷᠢ ᠶᠢᠨ ᠬᠡᠪᠴᠢᠶ᠎ᠡ ᠠᠴᠠ ᠳᠠᠪᠠᠭᠤᠯᠬᠤ ᠬᠠᠷᠠᠯᠲᠠ ᠶᠢ ᠨᠢᠭᠡ ᠵᠢᠯ ᠤᠷᠢᠳᠴᠢᠯᠠᠨ ᠪᠡᠶᠡᠯᠡᠭᠦᠯᠦᠨ᠎ᠡ᠃ | — ᠤᠯᠠᠮᠵᠢᠯᠠᠯᠲᠤ ᠡᠨᠧᠷᠭᠢ ᠶᠢᠨ ᠪᠣᠬᠢᠷᠳᠤᠯ ᠦᠭᠡᠢ ᠲᠡᠶᠢᠰᠢ ᠭᠡᠯᠪᠡᠷᠢ ᠪᠠᠨ ᠬᠤᠪᠢᠷᠠᠭᠤᠯᠬᠤ ᠶᠢ ᠠᠬᠢᠭᠤᠯᠤᠨ᠎ᠠ᠃ ᠤᠯᠠᠮᠵᠢᠯᠠᠯᠲᠤ ᠡᠨᠧᠷᠭᠢ ᠶᠢᠨ | ᠨᠡᠭᠦᠷᠡᠰᠦᠲᠥ᠋ᠷᠥᠭᠴᠢ ᠶᠢᠨ ᠭᠠᠳᠠᠭᠰᠢᠯᠠᠭᠤᠯᠤᠯᠲᠠ ᠶᠢ ᠪᠠᠭᠠᠰᠬᠠᠬᠤ᠂ ᠪᠣᠬᠢᠷᠳᠤᠯ ᠢ ᠪᠠᠭᠠᠰᠬᠠᠬᠤ᠂ ᠨᠣᠭᠤᠭᠠᠷᠠᠭᠤᠯᠤᠯᠲᠠ ᠶᠢ ᠥᠷᠭᠡᠳᠬᠡᠬᠦ᠂ ᠨᠡᠮᠡᠭᠳᠡᠭᠦᠯᠬᠦ ᠶᠢ ᠬᠠᠮᠵᠢᠯᠴᠠᠨ | ᠠᠬᠢᠭᠤᠯᠤᠨ᠎ᠠ᠃ ᠪᠥᠭᠯᠡᠵᠦ ᠨᠡᠭᠡᠭᠡᠨ ᠮᠠᠯᠲᠠᠬᠤ᠂ ᠤᠰᠤ ᠬᠠᠮᠠᠭᠠᠯᠠᠨ ᠨᠡᠭᠡᠭᠡᠨ ᠮᠠᠯᠲᠠᠬᠤ ᠵᠡᠷᠭᠡ ᠪᠣᠬᠢᠷᠳᠤᠯ ᠦᠭᠡᠢ ᠨᠡᠭᠡᠭᠡᠨ ᠮᠠᠯᠲᠠᠬᠤ ᠮᠡᠷᠭᠡᠵᠢᠯ ᠢ ᠢᠳᠡᠪᠬᠢᠲᠡᠢ ᠪᠠᠷ | ᠳᠡᠯᠭᠡᠷᠡᠭᠦᠯᠵᠦ᠂ ᠨᠡᠭᠦᠷᠡᠰᠦᠨ ᠤ ᠲᠡᠷᠢᠭᠦᠨ ᠤ ᠦᠢᠯᠡᠳᠪᠦᠷᠢᠯᠡᠬᠦ ᠴᠢᠳᠠᠪᠤᠷᠢ ᠶᠢ ᠡᠮᠬᠢ ᠵᠢᠷᠤᠮ ᠲᠠᠢ ᠪᠠᠷ ᠪᠠᠳᠠᠷᠠᠭᠤᠯᠵᠤ᠂ ᠨᠡᠭᠦᠷᠡᠰᠦᠨ ᠤ ᠭᠠᠷᠤᠯᠲᠠ ᠶᠢ 12 | ᠳ᠋ᠦᠩᠰᠢᠭᠤᠷ ᠲᠣᠨ ᠣᠷᠴᠢᠮ ᠳᠤ ᠲᠣᠭᠲᠠᠪᠤᠷᠢᠵᠢᠭᠤᠯᠤᠨ᠎ᠠ᠃ ᠨᠡᠭᠦᠷᠡᠰᠦᠨ ᠠᠭᠤᠷᠬᠠᠢ ᠶᠢᠨ ᠪᠣᠬᠢᠷᠳᠤᠯ ᠢ ᠵᠠᠰᠠᠬᠤ ᠪᠠ ᠠᠮᠢ ᠠᠬᠤᠢ ᠶᠢ ᠵᠠᠰᠠᠨ ᠰᠡᠷᠭᠦᠭᠡᠬᠦ ᠠᠵᠢᠯ ᠢ | ᠬᠠᠮᠵᠢᠯᠴᠠᠨ ᠥᠷᠨᠢᠭᠦᠯᠵᠦ᠂ 2025 ᠣᠨ ᠤ ᠵᠢᠯ ᠤᠨ ᠡᠴᠦᠰ ᠠᠴᠠ ᠡᠮᠦᠨ᠎ᠡ ᠪᠦᠭᠦ ᠨᠡᠭᠦᠷᠡᠰᠦᠨ ᠠᠭᠤᠷᠬᠠᠢ ᠶᠢᠨ ᠮᠠᠯᠲᠠᠵᠤ ᠬᠥᠨᠳᠡᠶᠢᠷᠡᠭᠦᠯᠦᠭᠰᠡᠨ ᠣᠷᠣᠨ ᠤ | ᠭᠠᠮᠰᠢᠭ ᠬᠤᠬᠢᠷᠠᠯ ᠢ ᠵᠠᠰᠠᠬᠤ ᠲᠥᠷᠥᠯ ᠵᠦᠢᠯ ᠢ ᠪᠡᠶᠡᠯᠡᠭᠦᠯᠬᠦ ᠪᠠᠷ ᠴᠢᠷᠮᠠᠶᠢᠵᠤ᠂ ᠪᠣᠬᠢᠷᠳᠤᠯ ᠦᠭᠡᠢ ᠠᠭᠤᠷᠬᠠᠢ ᠶᠢ ᠪᠦᠭᠦᠨ ᠢ ᠬᠠᠮᠤᠷᠬᠤ ᠶᠢ ᠪᠡᠶᠡᠯᠡᠭᠦᠯᠦᠨ᠎ᠡ᠃ | ᠨᠡᠭᠦᠷᠡᠰᠦ ᠴᠠᠭᠢᠯᠭᠠᠨ ᠤ ᠪᠠᠭ᠎ᠠ ᠨᠡᠭᠦᠷᠡᠰᠦᠲᠥ᠋ᠷᠥᠭᠴᠢᠲᠦ ᠵᠢᠱᠢᠶ᠎ᠡ ᠦᠵᠡᠭᠦᠯᠭᠦ ᠲᠥᠷᠥᠯ ᠵᠦᠢᠯ ᠤᠨ ᠪᠦᠲᠦᠭᠡᠨ ᠪᠠᠶᠢᠭᠤᠯᠤᠯᠲᠠ ᠶᠢ ᠥᠷᠨᠢᠭᠦᠯᠵᠦ᠂ ᠨᠡᠭᠦᠷᠡᠰᠦ | ᠴᠠᠭᠢᠯᠭᠠᠨ ᠤ ︽ᠭᠤᠷᠪᠠᠨ ᠥᠭᠡᠷᠡᠴᠢᠯᠡᠯᠲᠡ ᠶᠢᠨ ᠬᠤᠯᠪᠤᠭᠠᠯᠠᠨ ᠬᠥᠳᠡᠯᠦᠯᠴᠡᠬᠦ︾ ᠶᠢ ᠦᠷᠭᠦᠯᠵᠢᠯᠡᠨ ᠠᠬᠢᠭᠤᠯᠵᠤ᠂ ᠨᠡᠭᠦᠷᠡᠰᠦ ᠴᠠᠭᠢᠯᠭᠠᠨ ᠤ ᠴᠠᠭᠢᠯᠭᠠᠨ ᠬᠠᠩᠭᠠᠬᠤ | ᠪᠠᠷᠢᠮᠵᠢᠶ᠎ᠠ ᠶᠢᠨ ᠨᠡᠭᠦᠷᠡᠰᠦᠨ ᠤ ᠬᠤᠷᠣᠭᠳᠠᠭᠤᠯᠤᠯ ᠢ ᠦᠷᠭᠦᠯᠵᠢᠯᠡᠨ ᠪᠠᠭᠤᠷᠠᠭᠤᠯᠵᠤ᠂ ︽ᠴᠡᠪᠡᠷ ᠳᠤᠯᠠᠭᠠᠯᠠᠭ᠎ᠠ︾ ᠶᠢᠨ ᠢᠨᠵᠧᠨᠧᠷᠢᠩ ᠢ ᠬᠡᠷᠡᠭᠵᠢᠭᠦᠯᠬᠦ ᠳᠤ ᠴᠡᠪᠡᠷ᠂ | ᠨᠠᠶᠢᠳᠠᠪᠤᠷᠢᠲᠠᠢ ᠡᠨᠧᠷᠭᠢ ᠶᠢᠨ ᠪᠠᠲᠤᠯᠠᠭ᠎ᠠ ᠶᠢ ᠬᠠᠩᠭᠠᠨ᠎ᠠ᠃ ᠤᠯᠠᠮᠵᠢᠯᠠᠯᠲᠤ ᠴᠢᠯᠠᠭᠤᠨ ᠲᠣᠰᠣᠨ ᠤ ᠠᠭᠤᠷᠬᠠᠢ ᠶᠢᠨ ᠭᠠᠷᠤᠯᠲᠠ ᠶᠢ ᠨᠡᠮᠡᠭᠳᠡᠭᠦᠯᠬᠦ᠂ ᠰᠢᠲᠠᠮᠠᠬᠠᠢ | ᠬᠡᠢ ᠶᠢᠨ ᠠᠭᠤᠷᠬᠠᠢ ᠶᠢᠨ ᠭᠠᠷᠤᠯᠲᠠ ᠶᠢ ᠲᠣᠭᠲᠠᠪᠤᠷᠢᠵᠢᠭᠤᠯᠬᠤ ᠶᠢ ᠠᠬᠢᠭᠤᠯᠵᠤ᠂ ᠨᠡᠭᠦᠷᠡᠰᠦᠨ ᠳᠠᠪᠬᠤᠷᠭ᠎ᠠ ᠶᠢᠨ ᠬᠡᠢ ᠶᠢ ᠨᠡᠭᠡᠭᠡᠨ ᠠᠰᠢᠭᠯᠠᠬᠤ ᠶᠢ ᠳᠡᠮᠵᠢᠵᠦ᠂ | ᠨᠡᠭᠦᠷᠡᠰᠦ ᠪᠠᠷ ᠰᠢᠲᠠᠮᠠᠬᠠᠢ ᠬᠡᠢ ᠦᠢᠯᠡᠳᠬᠦ ᠵᠡᠷᠭᠡ ᠲᠥᠷᠥᠯ ᠵᠦᠢᠯ ᠢ ᠲᠥᠪᠯᠡᠷᠡᠭᠦᠯᠦᠨ ᠪᠠᠶᠢᠷᠢᠰᠢᠭᠤᠯᠵᠤ᠂ ᠰᠢᠲᠠᠮᠠᠬᠠᠢ ᠬᠡᠢ ᠶᠢ ᠬᠠᠶᠢᠨ ᠰᠢᠨᠵᠢᠯᠡᠵᠦ ᠨᠡᠭᠡᠭᠡᠨ | ᠬᠥᠭᠵᠢᠭᠦᠯᠬᠦ ᠬᠢᠭᠡᠳ ᠰᠢᠨ᠎ᠡ ᠡᠨᠧᠷᠭᠢ ᠶᠢᠨ ᠭᠦᠨᠵᠡᠭᠡᠢ ᠠᠭᠤᠰᠤᠯᠴᠠᠨ ᠬᠥᠭᠵᠢᠬᠦ ᠶᠢ ᠠᠬᠢᠭᠤᠯᠵᠤ᠂ ︽ᠰᠢᠲᠠᠮᠠᠬᠠᠢ ᠬᠡᠢ ᠶᠢ ᠨᠡᠶᠢᠳᠡᠮ ᠬᠡᠷᠡᠭᠯᠡᠭᠰᠡᠨ ᠥᠪᠥᠷ ᠮᠣᠩᠭᠤᠯ︾ | ᠤᠨ ᠢᠨᠵᠧᠨᠧᠷᠢᠩ ᠢ ᠬᠡᠷᠡᠭᠵᠢᠭᠦᠯᠬᠦ ᠶᠢ ᠭᠦᠨᠵᠡᠭᠡᠶᠢᠷᠡᠭᠦᠯᠦᠨ᠎ᠡ᠃ ᠨᠡᠭᠦᠷᠡᠰᠦᠨ ᠠᠭᠤᠷᠬᠠᠢ ᠶᠢᠨ ᠣᠶᠤᠨᠴᠢᠯᠠᠭᠰᠠᠨ᠂ ᠲᠣᠭᠠᠴᠢᠯᠠᠭᠰᠠᠨ ᠴᠠᠭᠢᠯᠭᠠᠨ ᠦᠢᠯᠡᠳᠪᠦᠷᠢ᠂ | ᠣᠶᠤᠨᠴᠢᠯᠠᠭᠰᠠᠨ ᠴᠠᠭᠢᠯᠭᠠᠨ ᠲᠣᠣᠷ ᠵᠡᠷᠭᠡ ᠰᠠᠭᠤᠷᠢ ᠲᠥᠬᠦᠭᠡᠷᠦᠮᠵᠢ ᠶᠢᠨ ᠣᠶᠤᠨᠴᠢᠯᠠᠭᠰᠠᠨ ᠪᠦᠲᠦᠭᠡᠨ ᠪᠠᠶᠢᠭᠤᠯᠤᠯᠲᠠ ᠶᠢᠨ ᠥᠭᠡᠷᠡᠴᠢᠯᠡᠯᠲᠡ ᠶᠢ ᠲᠦᠷᠭᠡᠳᠬᠡᠵᠦ᠂ | ᠲᠣᠭᠠᠴᠢᠯᠠᠭᠰᠠᠨ ᠪᠣᠬᠢᠷᠳᠤᠯ ᠦᠭᠡᠢ ᠪᠠᠷ ᠬᠠᠮᠵᠢᠯᠴᠠᠨ ᠭᠡᠯᠪᠡᠷᠢ ᠪᠠᠨ ᠬᠤᠪᠢᠷᠠᠭᠤᠯᠤᠨ ᠬᠥᠭᠵᠢᠬᠦ ᠶᠢ ᠠᠬᠢᠭᠤᠯᠤᠨ᠎ᠠ᠃ | — ᠡᠨᠧᠷᠭᠢ ᠶᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ᠰᠢᠨ᠎ᠡ ᠶᠢ ᠡᠭᠦᠳᠦᠨ ᠬᠡᠷᠡᠭᠯᠡᠬᠦ ᠶᠢ ᠴᠢᠩᠭᠠᠳᠬᠠᠨ᠎ᠠ᠃ ᠰᠢᠨᠵᠢᠯᠡᠬᠦ ᠤᠬᠠᠭᠠᠨ ᠲᠸᠭᠨᠢᠭ | ᠮᠡᠷᠭᠡᠵᠢᠯ ᠤᠨ ᠰᠢᠨ᠎ᠡ ᠶᠢ ᠡᠭᠦᠳᠬᠦ ᠶᠢ ᠨᠡᠩ ᠲᠣᠪᠣᠶᠢᠮ᠎ᠠ ᠪᠠᠶᠢᠷᠢᠨ ᠳᠤ ᠲᠠᠯᠪᠢᠵᠤ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ᠰᠢᠨ᠎ᠡ ᠶᠢ ᠡᠭᠦᠳᠬᠦ ᠪᠠᠷ | ᠡᠨᠧᠷᠭᠢ ᠶᠢᠨ ᠠᠵᠤ ᠦᠢᠯᠡᠰ ᠤᠨ ᠰᠢᠨ᠎ᠡ ᠶᠢ ᠡᠭᠦᠳᠬᠦ ᠪᠠ ᠪᠣᠬᠢᠷᠳᠤᠯ ᠦᠭᠡᠢ ᠪᠠᠭ᠎ᠠ ᠨᠡᠭᠦᠷᠡᠰᠦᠲᠥ᠋ᠷᠥᠭᠴᠢᠲᠦ ᠲᠡᠶᠢᠰᠢ ᠭᠡᠯᠪᠡᠷᠢ ᠪᠠᠨ ᠬᠤᠪᠢᠷᠠᠭᠤᠯᠤᠨ ᠲᠡᠰ | ᠳᠡᠪᠰᠢᠬᠦ ᠶᠢ ᠠᠬᠢᠭᠤᠯᠤᠨ᠎ᠠ᠃ ᠡᠨᠧᠷᠭᠢ ᠶᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ︽ᠪᠦᠰᠡᠯᠡᠯᠲᠡ ᠰᠢᠪᠲᠤᠯᠬᠤ︾ ᠢᠨᠵᠧᠨᠧᠷᠢᠩ ᠢ ᠭᠦᠨᠵᠡᠭᠡᠢ ᠬᠡᠷᠡᠭᠵᠢᠭᠦᠯᠵᠦ᠂ | ᠬᠡᠷᠡᠭᠴᠡᠭᠡ ᠪᠠ ᠦᠵᠡᠭᠳᠡᠯ ᠲᠠᠯᠠᠪᠤᠷ ᠢᠶᠠᠷ ᠬᠥᠲᠥᠯᠥᠨ ᠳᠠᠭᠠᠭᠤᠯᠬᠤ ᠶᠢ ᠴᠢᠩᠭᠠᠳᠬᠠᠵᠤ᠂ ᠳᠡᠯᠡᠬᠡᠢ ᠶᠢᠨ ᠡᠨᠧᠷᠭᠢ ᠶᠢᠨ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ | ᠬᠤᠰᠢᠭᠤᠷᠠᠯ ᠳᠤ ᠠᠩᠬᠠᠷᠤᠯ ᠢᠶᠠᠨ ᠲᠥᠪᠯᠡᠷᠡᠭᠦᠯᠦᠨ᠂ ᠳᠡᠯᠡᠬᠡᠢ ᠶᠢᠨ ᠲᠡᠷᠢᠭᠦᠨ ᠤ ᠪᠠᠷᠢᠮᠵᠢᠶ᠎ᠠ ᠲᠠᠢ ᠬᠠᠷᠭᠤᠭᠤᠯᠵᠤ᠂ ᠭᠤᠣᠯᠯᠠᠬᠤ ᠮᠡᠷᠭᠡᠵᠢᠯ ᠤᠨ ᠪᠣᠭᠤᠮᠲᠠ | ᠰᠢᠪᠲᠤᠯᠬᠤ ᠶᠢ ᠲᠦᠷᠭᠡᠳᠬᠡᠵᠦ᠂ ᠡᠨᠧᠷᠭᠢ ᠶᠢᠨ ᠪᠣᠬᠢᠷᠳᠤᠯ ᠦᠭᠡᠢ ᠪᠠᠭ᠎ᠠ ᠨᠡᠭᠦᠷᠡᠰᠦᠲᠥ᠋ᠷᠥᠭᠴᠢᠲᠦ ᠨᠢᠭᠡ ᠪᠦᠯᠦᠭ ᠲᠡᠷᠢᠭᠦᠨ ᠤ ᠮᠡᠷᠭᠡᠵᠢᠯ ᠤᠨ ᠵᠢᠱᠢᠶ᠎ᠡ ᠦᠵᠡᠭᠦᠯᠭᠦ | ᠢᠨᠵᠧᠨᠧᠷᠢᠩ᠂ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ᠲᠣᠨᠣᠭᠯᠠᠯ ᠤᠨ ᠴᠢᠬᠤᠯᠠ ᠶᠡᠭᠡ ᠲᠦᠷᠦᠯ ᠵᠦᠢᠯ ᠪᠠ ᠠᠩᠬᠠᠳᠠᠭᠴᠢ ᠵᠢᠱᠢᠶ᠎ᠡ ᠦᠵᠡᠭᠦᠯᠭᠦ ᠲᠦᠷᠦᠯ | ᠵᠦᠢᠯ ᠢ ᠬᠡᠷᠡᠭᠵᠢᠭᠦᠯᠦᠨ᠎ᠡ᠃ ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ᠨᠡᠪᠴᠢᠭᠦᠯᠦᠨ ᠪᠣᠶᠢᠵᠢᠭᠤᠯᠬᠤ ᠰᠢᠰᠲ᠋ᠧᠮ ᠢ ᠲᠡᠭᠦᠯᠳᠡᠷᠵᠢᠭᠦᠯᠵᠦ᠂ ᠨᠥᠬᠦᠪᠦᠷᠢ᠂ ᠭᠠᠶᠢᠯᠢ | ᠵᠡᠷᠭᠡ ᠳᠡᠮᠵᠢᠯᠭᠡ ᠶᠢᠨ ᠴᠢᠨᠠᠷᠲᠠᠢ ᠲᠥᠷᠥ ᠶᠢᠨ ᠪᠣᠳᠣᠯᠭ᠎ᠠ ᠶᠢ ᠰᠠᠶᠢᠲᠤᠷ ᠬᠡᠷᠡᠭᠯᠡᠨ᠂ ᠮᠡᠷᠭᠡᠵᠢᠯ ᠤᠨ ᠰᠢᠨ᠎ᠡ ᠶᠢ ᠡᠭᠦᠳᠦᠭᠰᠡᠨ ᠦᠷ᠎ᠡ ᠪᠦᠲᠦᠭᠡᠯ ᠢ ᠤᠷᠢᠳ ᠢᠶᠠᠷ | ᠨᠠᠶᠢᠳᠠᠪᠤᠷᠢᠵᠢᠭᠤᠯᠤᠨ ᠬᠡᠷᠡᠭᠯᠡᠬᠦ ᠶᠢ ᠵᠣᠷᠢᠭᠵᠢᠭᠤᠯᠤᠨ᠎ᠠ᠃ ᠬᠤᠸᠠᠢ ᠷᠧᠦ ᠲᠤᠷᠰᠢᠯᠲᠠ ᠶᠢᠨ ᠲᠠᠰᠤᠭ ᠤᠨ ᠥᠪᠥᠷ ᠮᠣᠩᠭᠤᠯ ᠤᠨ ᠰᠠᠭᠤᠷᠢᠨ᠂ ᠳᠠᠯᠠᠨ ᠬᠠᠷ᠎ᠠ | ᠠᠭᠤᠯᠠ ᠶᠢᠨ ᠲᠤᠷᠰᠢᠯᠲᠠ ᠶᠢᠨ ᠲᠠᠰᠤᠭ ᠤᠨ ᠪᠦᠲᠦᠭᠡᠨ ᠪᠠᠶᠢᠭᠤᠯᠤᠯᠲᠠ ᠳᠤ ᠭᠦᠨᠵᠡᠭᠡᠢ ᠣᠷᠣᠯᠴᠠᠵᠤ᠂ ᠣᠯᠠᠨ ᠵᠦᠢᠯ ᠤᠨ ᠭᠡᠯᠪᠡᠷᠢ᠂ ᠨᠠᠩ ᠶᠡᠭᠡ ᠡᠷᠴᠢᠮ ᠢᠶᠠᠷ | ᠴᠢᠳᠠᠪᠤᠷᠢᠲᠠᠨ ᠢ ᠴᠤᠭᠯᠠᠭᠤᠯᠤᠨ ᠳᠠᠲᠠᠨ ᠠᠪᠴᠢᠷᠠᠨ᠎ᠠ᠃ | — ᠡᠨᠧᠷᠭᠢ ᠶᠢᠨ ᠬᠦᠷᠢᠶᠡᠨ ᠳᠠᠬᠢ ᠰᠢᠨ᠎ᠡ ᠴᠢᠨᠠᠷ ᠪᠦᠬᠦᠢ ᠦᠢᠯᠡᠳᠪᠦᠷᠢᠯᠡᠯ ᠤᠨ ᠬᠦᠴᠦᠨ ᠢ ᠶᠡᠭᠡ ᠪᠠᠷ ᠬᠥᠭᠵᠢᠭᠦᠯᠦᠨ᠎ᠡ᠃ ᠰᠢᠨ᠎ᠡ ᠴᠢᠨᠠᠷ ᠪᠦᠬᠦᠢ | ᠦᠢᠯᠡᠳᠪᠦᠷᠢᠯᠡᠯ ᠤᠨ ᠬᠦᠴᠦᠨ ᠢ ᠬᠥᠭᠵᠢᠭᠦᠯᠬᠦ ᠲᠠᠢ ᠨᠢᠭᠲᠠ ᠤᠶᠠᠯᠳᠤᠭᠤᠯᠤᠨ ᠡᠨᠧᠷᠭᠢ ᠶᠢᠨ ᠠᠵᠤ ᠦᠢᠯᠡᠰ ᠤᠨ ᠬᠡᠯᠬᠢᠶ᠎ᠡ ᠶᠢ ᠪᠠᠶᠢᠷᠢᠰᠢᠭᠤᠯᠤᠨ᠎ᠠ᠃ ᠪᠣᠬᠢᠷᠳᠤᠯ | ᠦᠭᠡᠢ ᠴᠠᠭᠢᠯᠭᠠᠨ ᠤ ᠦᠷᠡᠵᠢᠭᠦᠯᠬᠦ ᠦᠢᠯᠡᠳᠦᠯ ᠢ ᠭᠦᠢᠴᠡᠳ ᠪᠠᠳᠠᠷᠠᠭᠤᠯᠵᠤ᠂ ᠪᠣᠬᠢᠷᠳᠤᠯ ᠦᠭᠡᠢ ᠴᠠᠭᠢᠯᠭᠠᠨ᠂ ᠭᠦᠢᠴᠡᠳ ᠨᠠᠶᠢᠳᠠᠪᠤᠷᠢᠲᠠᠢ ᠪᠠ ᠬᠢᠮᠳᠠ | ᠲᠣᠭᠲᠠᠪᠤᠷᠢᠲᠠᠢ ᠴᠠᠭᠢᠯᠭᠠᠨ ᠬᠦᠴᠦᠨ ᠢᠶᠠᠷ ᠰᠢᠨ᠎ᠡ ᠭᠡᠯᠪᠡᠷᠢ ᠶᠢᠨ ᠡᠨᠧᠷᠭᠢ ᠬᠠᠳᠠᠭᠠᠯᠠᠬᠤ᠂ ᠤᠰᠤᠲᠥ᠋ᠷᠥᠭᠴᠢ ᠡᠨᠧᠷᠭᠢ ᠵᠡᠷᠭᠡ ᠰᠢᠨ᠎ᠡ ᠴᠢᠨᠠᠷ ᠪᠦᠬᠦᠢ | ᠦᠢᠯᠡᠳᠪᠦᠷᠢᠯᠡᠯ ᠤᠨ ᠬᠦᠴᠦᠨ ᠤ ᠣᠨᠴᠠᠯᠢᠭ ᠲᠠᠢ ᠰᠢᠨ᠎ᠡ ᠠᠵᠤ ᠦᠢᠯᠡᠰ᠂ ᠰᠢᠨ᠎ᠡ ᠠᠵᠤ ᠠᠬᠤᠶᠢᠯᠠᠯ᠂ ᠰᠢᠨ᠎ᠡ ᠲᠥᠷᠥᠯ ᠵᠦᠢᠯ ᠢ ᠥᠪᠡᠷᠲᠡᠭᠡᠨ ᠵᠠᠰᠠᠬᠤ ᠣᠷᠣᠨ ᠳᠤ | ᠪᠣᠳᠠᠲᠠᠶᠢᠵᠢᠭᠤᠯᠤᠨ ᠬᠥᠭᠵᠢᠭᠦᠯᠵᠦ᠂ ᠰᠢᠨ᠎ᠡ ᠡᠨᠧᠷᠭᠢ ᠬᠢᠭᠡᠳ ᠰᠢᠨ᠎ᠡ ᠭᠡᠯᠪᠡᠷᠢ ᠶᠢᠨ ᠬᠢᠮᠢ ᠶᠢᠨ ᠠᠵᠤ ᠦᠢᠯᠡᠳᠪᠦᠷᠢ ᠶᠢᠨ ᠭᠦᠨᠵᠡᠭᠡᠢ ᠬᠤᠯᠪᠣᠯᠳᠤᠯ ᠢ ᠠᠬᠢᠭᠤᠯᠤᠨ᠎ᠠ᠃ | ᠪᠦᠭᠦ ᠠᠵᠤ ᠦᠢᠯᠡᠰ ᠤᠨ ᠬᠡᠯᠬᠢᠶ᠎ᠡ ᠶᠢᠨ ᠰᠡᠳᠬᠢᠬᠦᠢ ᠶᠢ ᠴᠢᠩᠭᠠᠷᠠᠭᠤᠯᠵᠤ᠂ ᠰᠠᠯᠬᠢ ᠭᠡᠷᠡᠯ ᠤᠨ ᠡᠨᠧᠷᠭᠢ ᠶᠢ ᠤᠰᠤᠲᠥ᠋ᠷᠥᠭᠴᠢᠵᠢᠭᠦᠯᠤᠨ ᠨᠥᠭᠡᠴᠡᠯᠡᠬᠦ | ᠭᠤᠣᠯᠳᠠᠯᠭ᠎ᠠ ᠲᠠᠢ ᠠᠵᠤ ᠦᠢᠯᠡᠰ ᠤᠨ ᠪᠦᠯᠦᠭᠵᠢᠯ ᠢ ᠰᠢᠯᠢᠳᠡᠭᠵᠢᠭᠦᠯᠦᠨ ᠬᠦᠴᠦᠷᠬᠡᠭᠵᠢᠭᠦᠯᠵᠦ᠂ ᠰᠢᠨ᠎ᠡ ᠡᠨᠧᠷᠭᠢ ᠶᠢᠨ ᠲᠣᠨᠤᠭ ᠲᠥᠬᠦᠭᠡᠷᠦᠮᠵᠢ ᠦᠢᠯᠡᠳᠬᠦ | ᠳᠠᠭᠠᠭᠤᠯᠤᠭᠴᠢ ᠠᠵᠤ ᠠᠬᠤᠶᠢᠯᠠᠯ ᠢ ᠪᠦᠭᠦ ᠲᠠᠯ᠎ᠠ ᠪᠠᠷ ᠣᠷᠣᠭᠤᠯᠤᠨ ᠠᠪᠴᠢᠷᠠᠵᠤ᠂ ᠨᠡᠯᠢᠶᠡᠳ ᠴᠢᠩᠭ᠎ᠠ ᠥᠷᠢᠰᠦᠯᠳᠦᠭᠡᠨ ᠤ ᠳᠠᠪᠠᠭᠤᠯᠢᠭ ᠲᠠᠢ ᠰᠢᠨ᠎ᠡ ᠡᠨᠧᠷᠭᠢ ᠶᠢᠨ | ᠲᠣᠨᠤᠭ ᠲᠥᠬᠦᠭᠡᠷᠦᠮᠵᠢ ᠦᠢᠯᠡᠳᠬᠦ ᠤᠯᠤᠰ ᠤᠨ ᠲᠠᠰ ᠤᠨ ᠰᠠᠭᠤᠷᠢᠨ ᠢ ᠴᠢᠷᠮᠠᠶᠢᠨ ᠪᠠᠶᠢᠭᠤᠯᠵᠤ᠂ ᠵᠢᠯ ᠤᠨ ᠳᠣᠲᠣᠷ᠎ᠠ ᠰᠢᠨ᠎ᠡ ᠡᠨᠧᠷᠭᠢ ᠶᠢᠨ ᠲᠣᠨᠤᠭ | ᠲᠥᠬᠦᠭᠡᠷᠦᠮᠵᠢ ᠦᠢᠯᠡᠳᠬᠦ ᠳᠤ 900 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠤᠯᠲᠠ ᠶᠢ ᠴᠢᠷᠮᠠᠶᠢᠨ ᠪᠡᠶᠡᠯᠡᠭᠦᠯᠦᠨ᠎ᠡ᠃ ᠡᠨᠧᠷᠭᠢ ᠶᠢᠨ ᠬᠦᠷᠢᠶᠡᠨ ᠳᠠᠬᠢ ᠶᠡᠭᠡ | ᠬᠡᠪᠴᠢᠶᠡᠨ ᠤ ᠲᠥᠬᠦᠭᠡᠷᠦᠮᠵᠢ ᠶᠢ ᠰᠢᠨᠡᠳᠬᠡᠬᠦ ᠪᠠ ᠬᠡᠷᠡᠭᠯᠡᠭᠡᠨ ᠤ ᠵᠦᠢᠯ ᠤᠨ ᠰᠢᠨ᠎ᠡ ᠶᠢ ᠬᠤᠳᠠᠯᠳᠤᠨ ᠠᠪᠤᠪᠠᠯ ᠬᠠᠭᠤᠴᠢᠨ ᠢ ᠨᠢ ᠵᠣᠭᠤᠰ ᠪᠤᠳᠤᠬᠤ ᠶᠢ ᠭᠦᠨᠵᠡᠭᠡᠢ | ᠬᠡᠷᠡᠭᠵᠢᠭᠦᠯᠵᠦ᠂ ᠬᠡᠷᠡᠭᠴᠡᠭᠡ ᠦᠭᠡᠢ ᠪᠣᠯᠤᠭᠰᠠᠨ ᠰᠠᠯᠬᠢᠨ ᠬᠦᠴᠦᠨ ᠤ ᠴᠠᠭᠢᠯᠭᠠᠨ᠂ ᠭᠡᠷᠡᠯᠴᠢ ᠴᠡᠨᠡᠭ ᠤᠨ ᠲᠥᠬᠦᠭᠡᠷᠦᠮᠵᠢ ᠵᠡᠷᠭᠡ ᠰᠢᠨ᠎ᠡ ᠪᠠᠷ ᠮᠠᠨᠳᠤᠭᠰᠠᠨ ᠠᠵᠤ | ᠦᠢᠯᠡᠰ ᠤᠨ ᠬᠠᠶᠠᠭᠳᠠᠮᠠᠯ ᠪᠣᠳᠠᠰ ᠢ ᠥᠨᠳᠥᠷ ᠦᠷᠳᠡᠭᠵᠢᠭᠦᠯᠭᠦ᠂ ᠬᠤᠣᠷ ᠦᠭᠡᠶᠢᠵᠢᠭᠦᠯᠦᠨ ᠲᠠᠭᠢᠨ ᠠᠰᠢᠭᠯᠠᠬᠤ ᠶᠢ ᠠᠬᠢᠭᠤᠯᠤᠨ᠎ᠠ᠃ | — ᠡᠨᠧᠷᠭᠢ ᠶᠢᠨ ᠬᠦᠷᠢᠶᠡᠨ ᠳᠠᠬᠢ ᠪᠠᠶᠢᠭᠤᠯᠤᠮᠵᠢ ᠲᠣᠭᠲᠠᠴᠠ ᠶᠢᠨ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ᠎ᠡ᠃ ᠲᠤᠬᠠᠢ ᠶᠢᠨ ᠭᠠᠵᠠᠷ ᠣᠷᠣᠨ ᠤ ᠪᠠᠶᠢᠳᠠᠯ | ᠳᠤᠨᠢ ᠲᠣᠬᠢᠷᠠᠭᠤᠯᠤᠨ ᠰᠢᠨ᠎ᠡ ᠡᠨᠧᠷᠭᠢ ᠶᠢ ᠥᠨᠳᠥᠷ ᠲᠦᠪᠰᠢᠨ ᠢᠶᠠᠷ ᠨᠡᠭᠡᠭᠡᠨ ᠠᠰᠢᠭᠯᠠᠬᠤ ᠳᠤ ᠠᠰᠢᠭᠲᠠᠢ ᠰᠢᠨ᠎ᠡ ᠶᠢ ᠡᠭᠦᠳᠬᠦ ᠴᠢᠨᠠᠷᠲᠠᠢ᠂ ᠵᠦᠷᠢᠶᠡᠴᠢᠯᠡᠭᠰᠡᠨ | ᠲᠦᠷᠦ ᠶᠢᠨ ᠪᠣᠳᠣᠯᠭ᠎ᠠ ᠶᠢᠨ ᠲᠣᠭᠲᠠᠴᠠ ᠶᠢ ᠰᠦᠪᠡᠭᠴᠢᠯᠡᠨ᠎ᠡ᠃ ᠪᠣᠬᠢᠷᠳᠤᠯ ᠦᠭᠡᠢ ᠴᠠᠭᠢᠯᠭᠠᠨ ᠬᠢᠭᠡᠳ ᠪᠣᠬᠢᠷᠳᠤᠯ ᠦᠭᠡᠢ ᠴᠠᠭᠢᠯᠭᠠᠨ ᠬᠦᠴᠦᠨ ᠤ ᠦᠨᠡᠮᠯᠡᠯ | ᠠᠷᠠᠯᠵᠢᠶᠠᠯᠠᠬᠤ ᠶᠢ ᠪᠦᠭᠦ ᠲᠠᠯ᠎ᠠ ᠪᠠᠷ ᠥᠷᠨᠢᠭᠦᠯᠵᠦ᠂ ᠥᠪᠥᠷ ᠮᠣᠩᠭᠤᠯ ᠤᠨ ᠴᠠᠭᠢᠯᠭᠠᠨ ᠬᠦᠴᠦᠨ ᠤ ᠠᠷᠠᠯᠵᠢᠶ᠎ᠠ ᠶᠢᠨ ᠲᠥᠪ ᠢ ᠤᠯᠤᠰ ᠤᠨ ᠪᠣᠬᠢᠷᠳᠤᠯ ᠦᠭᠡᠢ | ᠴᠠᠭᠢᠯᠭᠠᠨ ᠬᠦᠴᠦᠨ ᠤ ᠦᠨᠡᠮᠯᠡᠯ ᠠᠷᠠᠯᠵᠢᠶᠠᠯᠠᠬᠤ ᠲᠠᠪᠴᠠᠩ ᠳᠤ ᠣᠷᠣᠭᠤᠯᠬᠤ ᠪᠠᠷ ᠴᠢᠷᠮᠠᠶᠢᠨ᠎ᠠ᠃ ᠨᠡᠭᠦᠷᠡᠰᠦ ᠴᠠᠭᠢᠯᠭᠠᠨ ᠤ ᠠᠵᠤ ᠠᠬᠤᠶᠢᠯᠠᠯ ᠪᠠ ᠰᠢᠨ᠎ᠡ | ᠡᠨᠧᠷᠭᠢ ᠶᠢᠨ ᠠᠵᠤ ᠠᠬᠤᠶᠢᠯᠠᠯ ᠤᠨ ᠪᠣᠳᠠᠲᠠᠢ ᠬᠤᠯᠪᠤᠭᠠᠯᠠᠨ ᠡᠵᠡᠩᠨᠡᠬᠦ ᠶᠢ ᠳᠡᠯᠭᠡᠷᠡᠭᠦᠯᠦᠨ᠎ᠡ᠃ ᠨᠡᠩ ᠤᠯᠠᠨ ᠰᠢᠨ᠎ᠡ ᠡᠨᠧᠷᠭᠢ ᠶᠢᠨ ᠵᠠᠬ᠎ᠠ ᠳᠡᠯᠭᠡᠭᠦᠷᠴᠢᠯᠡᠭᠰᠡᠨ | ᠬᠡᠷᠡᠭᠯᠡᠭᠡᠨ ᠤ ᠦᠵᠡᠭᠳᠡᠯ ᠢ ᠰᠤᠳᠤᠯᠵᠤ᠂ ᠤᠯᠤᠰ ᠤᠨ ᠰᠢᠨ᠎ᠡ ᠡᠨᠧᠷᠭᠢ ᠪᠣᠯᠣᠨ ᠲᠡᠷᠢᠭᠦᠨ ᠤ ᠥᠨᠳᠥᠷ ᠡᠨᠧᠷᠭᠢ ᠶᠢᠨ ᠦᠷᠳᠡᠭ ᠪᠦᠬᠦᠢ ᠠᠵᠤ ᠦᠢᠯᠡᠰ ᠤᠨ | ᠠᠭᠤᠰᠤᠯᠴᠠᠨ ᠬᠥᠭᠵᠢᠬᠦ ᠲᠥᠪᠯᠡᠷᠡᠭᠰᠡᠨ ᠣᠷᠣᠨ ᠢ ᠬᠦᠴᠦᠯᠡᠨ ᠪᠠᠶᠢᠭᠤᠯᠤᠨ᠎ᠠ᠃ ᠴᠠᠭᠢᠯᠭᠠᠨ ᠬᠦᠴᠦᠨ ᠤ ᠵᠠᠬ᠎ᠠ ᠳᠡᠯᠭᠡᠭᠦᠷᠴᠢᠯᠡᠬᠦ ᠥᠭᠡᠷᠡᠴᠢᠯᠡᠯᠲᠡ ᠶᠢ ᠭᠦᠨᠵᠡᠭᠡᠢ | ᠠᠬᠢᠭᠤᠯᠵᠤ᠂ ᠨᠡᠭᠦᠷᠡᠰᠦ ᠴᠠᠭᠢᠯᠭᠠᠨ ᠤ ᠪᠠᠭᠲᠠᠭᠠᠮᠵᠢ ᠶᠢᠨ ᠴᠠᠭᠢᠯᠭᠠᠨ ᠤ ᠦᠨ᠎ᠡ ᠶᠢᠨ ᠲᠣᠭᠲᠠᠴᠠ ᠶᠢᠨ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠰᠢᠨ᠎ᠡ | ᠡᠨᠧᠷᠭᠢ ᠶᠢᠨ ᠴᠠᠭᠢᠯᠭᠠᠨ ᠤ ᠦᠨ᠎ᠡ ᠶᠢ ᠬᠠᠮᠠᠭᠠᠯᠠᠬᠤ ᠲᠣᠭᠲᠠᠴᠠ ᠶᠢ ᠠᠯᠬᠤᠮ ᠠᠯᠬᠤᠮ ᠢᠶᠠᠷ ᠴᠢᠯᠦᠭᠡᠲᠡᠢ ᠪᠤᠯᠭᠠᠵᠤ᠂ ᠪᠣᠬᠢᠷᠳᠤᠯ ᠦᠭᠡᠢ ᠴᠠᠭᠢᠯᠭᠠᠨ ᠤ | ᠳᠠᠪᠠᠭᠤᠯᠢᠭ ᠢ ᠨᠡᠩ ᠰᠠᠶᠢᠲᠤᠷ ᠪᠤᠢ ᠪᠣᠯᠭᠠᠨ᠎ᠠ᠃ | — ᠡᠨᠧᠷᠭᠢ ᠶᠢᠨ ᠬᠦᠷᠢᠶᠡᠨ ᠳᠠᠬᠢ ᠨᠡᠭᠡᠭᠡᠯᠲᠡᠲᠤ ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠦᠨ᠎ᠡ᠃ ᠣᠷᠣᠨ ᠪᠠᠶᠢᠷᠢ ᠶᠢᠨ ᠳᠠᠪᠠᠭᠤᠯᠢᠭ ᠪᠠ ᠬᠠᠷᠢᠴᠠᠩᠭᠤᠢ | ᠳᠠᠪᠠᠭᠤᠯᠢᠭ ᠢᠶᠠᠨ ᠴᠢᠨᠠᠭᠰᠢᠳᠠ ᠪᠠᠳᠠᠷᠠᠭᠤᠯᠵᠤ᠂ ᠣᠷᠣᠨ ᠪᠦᠰᠡ ᠠᠯᠤᠰᠯᠠᠭᠰᠠᠨ ᠡᠨᠧᠷᠭᠢ ᠶᠢᠨ ᠬᠠᠮᠲᠤᠷᠠᠯᠴᠠᠭᠠᠨ ᠤ ᠲᠣᠭᠲᠠᠴᠠ ᠶᠢ ᠪᠦᠷᠢᠨᠰᠢᠭᠦᠯᠦᠨ | ᠲᠡᠭᠦᠯᠳᠡᠷᠵᠢᠭᠦᠯᠵᠦ᠂ ᠰᠢᠨ᠎ᠡ ᠬᠥᠭᠵᠢᠯᠲᠡ ᠶᠢᠨ ᠪᠠᠶᠢᠷᠢᠰᠢᠯ ᠳᠤ ᠰᠠᠨᠠᠭᠠᠴᠢᠯᠠᠭ᠎ᠠ ᠠᠴᠠ ᠪᠠᠨ ᠠᠭᠤᠰᠤᠯᠴᠠᠨ᠎ᠠ᠃ ᠨᠢᠩᠰᠢᠶᠠ᠂ ᠱᠠᠨᠰᠢ ᠵᠡᠷᠭᠡ ᠡᠷᠭᠢᠨ ᠲᠣᠭᠤᠷᠢᠨ ᠤ ᠮᠤᠵᠢ | ᠣᠷᠣᠨ ᠯᠤᠭ᠎ᠠ ᠶᠢᠨ ᠰᠢᠨ᠎ᠡ ᠡᠨᠧᠷᠭᠢ ᠶᠢᠨ ᠨᠡᠭᠡᠭᠡᠨ ᠬᠥᠭᠵᠢᠭᠦᠯᠦᠯᠲᠡ ᠶᠢᠨ ᠬᠠᠮᠲᠤᠷᠠᠯᠴᠠᠭ᠎ᠠ ᠶᠢ ᠰᠦᠪᠡᠭᠴᠢᠯᠡᠵᠦ᠂ ᠡᠨᠧᠷᠭᠢ ᠬᠡᠷᠡᠭᠯᠡᠵᠦ ᠪᠠᠶᠢᠭ᠎ᠠ ᠲᠣᠮᠣ ᠮᠤᠵᠢ | ᠯᠤᠭ᠎ᠠ ᠶᠢᠨ ᠡᠨᠧᠷᠭᠢ ᠶᠢᠨ ᠬᠠᠷᠢᠯᠴᠠᠨ ᠠᠰᠢᠭ ᠬᠦᠷᠲᠡᠭᠡᠬᠦ ᠬᠠᠮᠲᠤᠷᠠᠯᠴᠠᠭ᠎ᠠ ᠶᠢ ᠴᠢᠩᠭᠠᠳᠬᠠᠵᠤ᠂ ᠭᠥᠯᠢᠶᠡᠨ ᠠᠪᠬᠤ ᠦᠵᠦᠭᠦᠷᠯᠢᠭ ᠤᠨ ᠭᠠᠵᠠᠷ ᠣᠷᠣᠨ ᠳᠤ | ᠪᠣᠬᠢᠷᠳᠤᠯ ᠦᠭᠡᠢ ᠴᠠᠭᠢᠯᠭᠠᠨ ᠢ ᠢᠳᠡᠪᠬᠢᠲᠡᠢ ᠪᠠᠷ ᠢᠯᠡᠭᠦᠬᠡᠨ ᠬᠦᠷᠭᠡᠨ᠎ᠡ᠃ ᠡᠨᠧᠷᠭᠢ ᠶᠢᠨ ᠠᠵᠤ ᠠᠬᠤᠢ ᠶᠢᠨ ᠤᠮᠠᠷᠠᠰᠢ ᠨᠡᠭᠡᠭᠡᠯᠲᠡ ᠬᠢᠬᠦ ᠡᠷᠴᠢᠮ ᠢ | ᠴᠢᠩᠭᠠᠷᠠᠭᠤᠯᠵᠤ᠂ ᠴᠢᠯᠦᠭᠡᠲᠦ ᠠᠷᠠᠯᠵᠢᠶᠠᠨ ᠤ ᠣᠷᠣᠨ ᠢ ᠡᠭᠦᠳᠦᠨ ᠪᠠᠶᠢᠭᠤᠯᠬᠤ ᠢᠨᠵᠧᠨᠧᠷᠢᠩ ᠢ ᠬᠡᠷᠡᠭᠵᠢᠭᠦᠯᠬᠦ ᠲᠠᠢ ᠤᠶᠠᠯᠳᠤᠭᠤᠯᠤᠨ᠂ ᠣᠷᠣᠰ ᠮᠣᠩᠭᠤᠯ | ᠯᠤᠭ᠎ᠠ ᠶᠢᠨ ᠡᠨᠧᠷᠭᠢ ᠶᠢᠨ ᠪᠣᠳᠠᠲᠠᠢ ᠶᠢ ᠡᠷᠬᠢᠮᠯᠡᠭᠰᠡᠨ ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠵᠦ᠂ ᠨᠡᠭᠦᠷᠡᠰᠦᠨ ᠤ ᠠᠷᠠᠯᠵᠢᠶ᠎ᠠ ᠶᠢᠨ ᠬᠡᠪᠴᠢᠶ᠎ᠡ ᠶᠢ ᠥᠷᠭᠡᠳᠬᠡᠨ᠂ | ᠳᠤᠮᠳᠠᠳᠤ ᠣᠷᠣᠰ ᠤᠨ ᠵᠡᠭᠦᠨ ᠱᠤᠭᠤᠮ ᠤᠨ ᠪᠠᠶᠢᠭᠠᠯᠢ ᠶᠢᠨ ᠰᠢᠲᠠᠮᠠᠬᠠᠢ ᠬᠡᠢ ᠶᠢᠨ ᠬᠤᠭᠤᠯᠠᠢ ︵ᠥᠪᠥᠷ ᠮᠣᠩᠭᠤᠯ ᠤᠨ ᠬᠡᠰᠡᠭ︶ ᠶᠢᠨ ᠠᠰᠢᠭᠯᠠᠯᠲᠠ ᠶᠢᠨ ᠲᠦᠪᠰᠢᠨ | ᠪᠠ ᠮᠣᠩᠭᠤᠯ ᠤᠯᠤᠰ ᠲᠡᠶᠢᠰᠢ ᠴᠠᠭᠢᠯᠭᠠᠨ ᠬᠦᠷᠭᠡᠬᠦ ᠴᠢᠳᠠᠪᠤᠷᠢ ᠶᠢ ᠳᠡᠭᠡᠭᠰᠢᠯᠡᠭᠦᠯᠦᠨ᠎ᠡ᠃ ᠭᠦᠭᠡᠬᠤᠲᠠ᠂ ᠪᠤᠭᠤᠲᠤ ᠶᠢᠨ ᠪᠦᠭᠦ ᠣᠷᠣᠨ ᠪᠦᠰᠡ ᠶᠢᠨ ᠰᠢᠨ᠎ᠡ | ᠡᠨᠧᠷᠭᠢ ᠶᠢᠨ ᠰᠢᠨ᠎ᠡ ᠦᠵᠡᠭᠳᠡᠯ ᠲᠠᠯᠠᠪᠠᠶ ᠶᠢᠨ ᠬᠡᠷᠡᠭᠯᠡᠭᠡᠨ ᠢ ᠬᠡᠷᠡᠭᠵᠢᠭᠦᠯᠵᠦ᠂ ᠦᠬᠠᠢ ᠵᠢᠴᠢ ᠲᠡᠭᠦᠨ ᠤ ᠡᠷᠭᠢᠨ ᠲᠣᠭᠤᠷᠢᠨ ᠤ ᠭᠠᠵᠠᠷ ᠣᠷᠣᠨ ᠤ ᠰᠢᠨ᠎ᠡ | ᠡᠨᠧᠷᠭᠢ ᠶᠢᠨ ᠬᠠᠮᠲᠤᠷᠠᠯᠴᠠᠭ᠎ᠠ ᠶᠢᠨ ᠪᠣᠷᠣ ᠲᠥᠯᠥᠪ ᠢ ᠲᠡᠭᠦᠯᠳᠡᠷᠵᠢᠭᠦᠯᠦᠨ᠂ ᠠᠶᠢᠮᠠᠭ ᠬᠤᠲᠠ ᠶᠢᠨ ᠬᠠᠷᠢᠯᠴᠠᠨ ᠲᠤᠰᠠᠯᠠᠯᠴᠠᠬᠤ ᠪᠠᠷ ᠳᠠᠮᠵᠢᠭᠤᠯᠤᠨ ᠰᠢᠨ᠎ᠡ | ᠡᠨᠧᠷᠭᠢ ᠶᠢ ᠰᠢᠩᠭᠡᠬᠡᠨ ᠠᠪᠬᠤ ᠶᠢ ᠴᠢᠨᠠᠭᠰᠢᠳᠠ ᠠᠬᠢᠭᠤᠯᠵᠤ᠂ ᠡᠨᠧᠷᠭᠢ ᠶᠢᠨ ᠠᠵᠤ ᠦᠢᠯᠡᠰ ᠤᠨ ᠪᠠᠶᠢᠷᠢᠰᠢᠭᠤᠯᠤᠯᠲᠠ ᠶᠢ ᠰᠢᠯᠢᠳᠡᠭᠵᠢᠭᠦᠯᠦᠨ᠎ᠡ ᠭᠡᠵᠦ ᠬᠡᠯᠡᠪᠡ᠃ |