ᠬᠠᠲᠤᠨ ᠭᠤᠣᠯ ᠤᠨ ᠪᠠᠶᠠᠨᠨᠠᠭᠤᠷ ᠤᠨ ᠬᠡᠰᠡᠭ ᠰᠥᠩ ᠬᠠᠯᠢᠶ᠎ᠠ ᠡᠬᠢᠯᠡᠪᠡ
ᠨᠡᠶᠢᠲᠡᠯᠡᠭᠰᠡᠨ ᠴᠠᠭ᠄
2024/12/3
      ᠬᠦᠢᠲᠡᠨ ᠤᠷᠤᠰᠬᠠᠯ ᠤᠨ ᠨᠥᠯᠥᠭᠡ ᠪᠠᠷ᠂ 11 ᠳ᠋ᠦ᠋ᠭᠡᠷ ᠰᠠᠷ᠎ᠠ ᠶᠢᠨ 27 ᠤ ᠡᠳᠦᠷ ᠤᠨ 8 ᠴᠠᠭ ᠲᠤ᠂ ᠬᠠᠲᠤᠨ ᠭᠤᠣᠯ ᠤᠨ ᠪᠠᠶᠠᠨᠨᠠᠭᠤᠷ ᠬᠤᠲᠠ ᠶᠢᠨ ᠤᠷᠠᠳ ᠤᠨ ᠡᠮᠦᠨᠡᠲᠦ ᠬᠤᠰᠢᠭᠤᠨ ᠤ ᠬᠡᠰᠡᠭ ᠲᠤ ᠠᠩᠬ᠎ᠠ ᠤᠳᠠᠭ᠎ᠠ ᠬᠠᠯᠢᠶ᠎ᠠ ᠣᠷᠣᠵᠤ᠂ ᠬᠠᠲᠤᠨ ᠭᠤᠣᠯ ᠤᠨ ᠪᠠᠶᠠᠨᠨᠠᠭᠤᠷ ᠤᠨ ᠬᠡᠰᠡᠭ ᠤᠨ 2024 - 2025 ᠣᠨ ᠤ ᠰᠦᠩ ᠬᠠᠯᠢᠶ᠎ᠠ ᠶᠢᠨ ᠦᠶᠡᠷ ᠤᠨ ᠬᠤᠭᠤᠴᠠᠭᠠᠨ ᠳᠤ ᠣᠷᠣᠭᠰᠠᠨ ᠢ ᠬᠠᠷᠠᠭᠤᠯᠵᠤ ᠪᠠᠶᠢᠨ᠎ᠠ᠃       11 ᠰᠠᠷ᠎ᠠ ᠶᠢᠨ 27 ᠤ ᠡᠳᠦᠷ ᠤᠨ 9 ᠴᠠᠭ ᠪᠣᠯᠲᠠᠯ᠎ᠠ᠂ ᠰᠢᠶᠠᠨ ᠹᠧᠩ ᠬᠡᠰᠡᠭ ᠤᠨ ᠰᠦᠩ ᠬᠠᠯᠢᠶ᠎ᠠ ᠶᠢᠨ ᠨᠢᠭᠲᠠᠴᠠ 30%᠂ ᠰᠠᠨ ᠬᠤ᠋ ᠭᠤᠣᠯ ᠤᠨ ᠠᠭᠤᠯᠵᠠᠷ ᠤᠨ ᠬᠡᠰᠡᠭ ᠤᠨ ᠰᠦᠩ ᠬᠠᠯᠢᠶ᠎ᠠ ᠶᠢᠨ ᠨᠢᠭᠲᠠᠴᠠ 20%᠂ ᠪᠠᠷᠠᠭᠤᠨ ᠠᠭᠤᠯᠠ ᠶᠢᠨ ᠬᠡᠰᠡᠭ ᠤᠨ ᠰᠦᠩ ᠬᠠᠯᠢᠶ᠎ᠠ ᠶᠢᠨ ᠨᠢᠭᠲᠠᠴᠠ 10%᠂ ᠪᠠᠢ ᠲᠦ᠋ ᠭᠧ ᠪᠦ᠋ ᠬᠡᠰᠡᠭ ᠭᠠᠵᠠᠷ ᠲᠤ ᠰᠦᠩ ᠬᠠᠯᠢᠶ᠎ᠠ ᠦᠭᠡᠢ᠂ ᠭᠤᠣᠯ ᠪᠢᠲᠡᠭᠦᠮᠵᠢᠯᠡᠬᠦ ᠤᠰᠤᠨ ᠤ ᠪᠠᠶᠢᠳᠠᠯ ᠲᠣᠭᠲᠠᠭᠤᠨ ᠪᠠᠶᠢᠨ᠎ᠠ︔ ᠰᠠᠨ ᠬᠤ᠋ ᠭᠤᠣᠯ ᠤᠨ ᠲᠣᠬᠤᠢ ᠶᠢᠨ ᠬᠡᠰᠡᠭ ᠤᠨ ᠤᠰᠤᠨ ᠲᠦᠪᠰᠢᠨ 1016.97 ᠮᠧᠳ᠋ᠷ᠂ ᠤᠷᠤᠰᠬᠠᠯ ᠤᠨ ᠬᠡᠮᠵᠢᠶ᠎ᠡ 833 ᠪᠣᠰᠤᠭ᠎ᠠ ᠳᠥᠷᠪᠡᠯᠵᠢᠨ ᠮᠧᠳ᠋ᠷ / ᠰᠧᠺᠦ᠋ᠨ᠋ᠳ᠋᠃       ᠮᠠᠨ ᠤ ᠬᠤᠲᠠ ᠰᠦᠩ ᠬᠠᠯᠢᠶ᠎ᠠ ᠶᠢ ᠰᠡᠷᠭᠡᠶᠢᠯᠡᠬᠦ ᠪᠡᠯᠡᠳᠬᠡᠯ ᠠᠵᠢᠯ ᠢ ᠪᠦᠬᠦ ᠲᠠᠯ᠎ᠠ ᠪᠠᠷ ᠰᠠᠶᠢᠲᠤᠷ ᠬᠢᠵᠦ᠂ ᠣᠳᠣᠬᠠᠨ ᠳᠤ ᠰᠦᠩ ᠬᠠᠯᠢᠶ᠎ᠠ ᠶᠢ ᠰᠡᠷᠭᠡᠶᠢᠯᠡᠬᠦ ᠡᠩᠨᠡᠭᠡ ᠶᠢ 19258 ᠬᠥᠮᠦᠨ᠂ ᠠᠶᠤᠯ ᠠᠴᠠ ᠠᠪᠤᠷᠠᠬᠤ ᠮᠠᠰᠢᠨ ᠢ 992 ᠢᠵᠢ᠂ ᠲᠤᠭᠤᠯᠭᠠᠨ ᠤᠲᠠᠰᠤ 165 ᠲᠣᠨ᠂ ᠴᠢᠯᠠᠭᠤ 17.37 ᠲᠦᠮᠡᠨ ᠪᠣᠰᠤᠭ᠎ᠠ ᠳᠥᠷᠪᠡᠯᠵᠢᠨ ᠮᠧᠳ᠋ᠷ᠂ ᠰᠢᠷᠣᠶ 4.61 ᠲᠦᠮᠡᠨ ᠪᠣᠰᠤᠭ᠎ᠠ ᠳᠥᠷᠪᠡᠯᠵᠢᠨ ᠮᠧᠳ᠋ᠷ᠂ ᠨᠡᠬᠡᠮᠡᠯ ᠤᠭᠤᠲᠠ 13.17 ᠲᠦᠮᠡᠨ ᠵᠤᠷᠪᠤᠰ᠂ ᠰᠦᠯᠵᠢᠮᠡᠯ ᠤᠭᠤᠲᠠ 13. 17 ᠲᠦᠮᠡᠨ ᠵᠤᠷᠪᠤᠰ᠂ ᠲᠣᠨ ᠪᠣᠭᠤᠳᠠᠯ 1.938 ᠲᠦᠮᠡᠨ ᠵᠤᠷᠪᠤᠰ᠂ ᠰᠢᠷᠣᠶ ᠶᠢᠨ ᠠᠵᠢᠯ ᠤᠨ ᠪᠥᠰ 7600 ᠲᠡᠭᠰᠢ ᠳᠥᠷᠪᠡᠯᠵᠢᠨ ᠮᠧᠳ᠋ᠷ᠂ ᠬᠠᠷ᠎ᠠ ᠲᠤᠭᠤᠯᠭᠠᠨ ᠲᠣᠣᠷ 4.47 ᠲᠦᠮᠡᠨ ᠲᠡᠭᠰᠢ ᠳᠥᠷᠪᠡᠯᠵᠢᠨ ᠮᠧᠳ᠋ᠷ᠂ ᠵᠣᠴᠢᠨ ᠤ ᠴᠢᠯᠠᠭᠤᠨ ᠰᠢᠩᠭᠡᠯᠢᠭ 7.52 ᠲᠦᠮᠡᠨ ᠲᠡᠭᠰᠢ ᠳᠥᠷᠪᠡᠯᠵᠢᠨ ᠮᠧᠳ᠋ᠷ ᠨᠥᠭᠡᠴᠡᠯᠡᠪᠡ ᠃ ᠡᠯ᠎ᠡ ᠱᠠᠲᠤᠨ ᠤ ᠤᠰᠤᠨ ᠠᠰᠢᠭᠯᠠᠯᠲᠠ ᠶᠢᠨ ᠰᠠᠯᠠᠭ᠎ᠠ ᠮᠥᠴᠢᠷ ᠤᠳ ᠣᠲᠣ ᠨᠢᠭᠡᠨᠲᠡ 24 ᠴᠠᠭ ᠢᠶᠠᠷ ᠵᠢᠵᠢᠭᠦᠷᠯᠡᠨ ᠰᠠᠬᠢᠵᠤ᠂ ᠬᠠᠲᠤᠨ ᠭᠤᠣᠯ ᠤᠨ ᠰᠦᠩ ᠬᠠᠯᠢᠶ᠎ᠠ ᠶᠢᠨ ᠦᠶᠡᠷ ᠤᠨ ᠠᠮᠤᠷ ᠲᠦᠪᠰᠢᠨ ᠢ ᠪᠥᠬᠦ ᠬᠦᠴᠦᠨ ᠢᠶᠠᠷ ᠢᠶᠠᠨ ᠪᠠᠲᠤᠯᠠᠵᠤ ᠪᠠᠶᠢᠨ᠎ᠠ᠃     
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠵᠠᠰᠠᠭ ᠤᠨ ᠶᠠᠪᠤᠳᠠᠯ ᠤᠨ ᠮᠣᠩᠭᠤᠯ ᠰᠦᠯᠵᠢᠶ᠎ᠡ