ᠨᠠᠷᠠᠨ ᠤ ᠦᠨᠦᠷ
ᠨᠡᠶᠢᠲᠡᠯᠡᠭᠰᠡᠨ ᠴᠠᠭ᠄
2024/11/29
      ᠰᠢᠭᠦᠳᠡᠷᠢ ᠪᠠᠨ ᠡᠷᠭᠦᠵᠦ ᠨᠠᠷᠠᠨ ᠵᠦᠭ ᠤᠷᠭᠤᠬᠤ ᠲᠠᠯ᠎ᠠ ᠶᠢᠨ ᠢᠶᠠᠨ ᠨᠣᠭᠤᠭᠠᠨ ᠡᠪᠡᠰᠦᠨ ᠳᠤ ᠪᠢ ᠬᠠᠶᠢᠷᠠᠲᠠᠢ᠃ ᠰᠠᠯᠬᠢᠨ ᠢᠶᠠᠷ ᠦᠨᠦᠰᠦᠭᠦᠯᠵᠦ ᠴᠡᠩᠬᠡᠷ ᠤᠰᠤᠨ ᠰᠢᠭ᠋ ᠬᠠᠯᠭᠢᠯᠠᠨ ᠱᠤᠤᠭᠢᠭᠠᠳ ᠳᠣᠲᠣᠷ᠎ᠠ ᠨᠢ ᠲᠠᠶᠢᠳᠬᠤᠷᠠᠬᠤ ᠳᠤᠨᠢ ᠪᠢ ᠳᠤᠷᠠᠲᠠᠢ᠃       ᠳᠡᠯᠡᠬᠡᠢ ᠪᠦᠷᠬᠦᠵᠦ ᠴᠡᠯ ᠬᠥᠬᠡᠷᠡᠭᠰᠡᠨ ᠴᠦ ᠡᠭᠡᠯ ᠪᠣᠷᠣᠭᠵᠢᠭᠤᠨ᠂ ᠡᠩ ᠶᠡᠷᠦᠮᠳᠡᠭ ᠵᠠᠩ ᠴᠢᠨᠠᠷ ᠨᠢ ᠬᠥᠭᠡᠷᠦᠬᠦᠢ ᠮᠠᠯᠴᠢᠨ ᠠᠪᠤ ᠶᠢᠨ ᠨᠠᠮ ᠳᠠᠷᠤᠤ ᠠᠷᠠᠨᠰᠢᠨ ᠲᠠᠢ ᠶᠠᠭᠠᠬᠢᠭᠰᠠᠨ ᠲᠥᠰᠥᠭᠡᠲᠡᠢ ᠠᠵᠢ︖ ᠬᠠᠳᠤᠵᠤ ᠭᠢᠷᠠᠭᠠᠬᠰᠠᠨ ᠴᠦ ᠲᠠᠭᠢᠵᠦ ᠤᠷᠭᠤᠨ᠎ᠠ᠃ ᠦᠨᠳᠦᠰᠦ ᠨᠢ ᠬᠥᠷᠥᠰᠥᠨ ᠳᠤ ᠭᠦᠨ ᠬᠠᠳᠬᠤᠭᠰᠠᠨ ᠤ  ᠬᠢ ᠶᠤᠮ ᠤᠤ︖ ᠡᠰᠡᠬᠦᠯ᠎ᠡ ᠲᠠᠪᠤᠨ ᠬᠤᠰᠢᠭᠤ ᠮᠠᠯ ᠤᠨ ᠢᠶᠠᠨ ᠲᠥᠯᠥᠭᠡ ᠲᠡᠭᠡᠵᠦ ᠯᠡ ᠢᠳᠡᠷᠡᠭᠦᠨ ᠤᠷᠭᠤᠭ᠎ᠠ ᠴᠦ ᠶᠤᠮ ᠤᠤ︖      ᠡᠬᠡ ᠶᠢᠨ ᠮᠢᠨᠢ ᠥᠭᠭᠢᠶᠡᠮᠦᠷ ᠴᠠᠭᠠᠨ ᠬᠠᠶᠢᠷ᠎ᠠ ᠡᠪᠡᠰᠦᠨ ᠳᠤ ᠪᠤᠢ᠃ ᠡᠷᠡᠮᠡᠬᠡᠢ ᠳᠠᠶᠢᠴᠢᠳ ᠤᠨ ᠪᠠᠭᠠᠲᠤᠷᠯᠢᠭ ᠵᠣᠷᠢᠭ ᠰᠠᠨᠠᠭ᠎ᠠ ᠡᠪᠡᠰᠦᠨ ᠳᠤ ᠪᠤᠢ᠃ ᠡᠷᠬᠡ ᠴᠢᠯᠦᠭᠡ᠂ ᠡᠩᠬᠡ ᠲᠠᠶᠢᠪᠤᠩ᠂ ᠡᠪ ᠬᠠᠮᠲᠤ ᠨᠡᠶᠢᠭᠡᠮ ᠤᠨ ᠲᠠᠪᠰᠢᠬᠰᠠᠨ ᠪᠣᠯᠪᠠᠰᠤᠨ ᠤᠬᠠᠮᠰᠠᠷ ᠴᠦ ᠡᠪᠡᠰᠦᠨ ᠳᠤ ᠪᠤᠢ᠃      ᠬᠠᠪᠤᠷ ᠲᠠᠭᠠᠨ ᠤᠷᠭᠤᠵᠦ ᠨᠠᠮᠤᠷ ᠦᠷᠡᠯᠡᠬᠦ ᠨᠢ ᠲᠡᠭᠦᠨ ᠤ ᠣᠷᠣᠰᠢᠬᠤᠢ ᠶᠢᠨ ᠤᠬᠠᠭᠠᠨ᠃ ᠬᠡᠵᠢᠶᠡᠳᠡ ᠤᠶᠢᠳᠬᠠᠷᠯᠠᠬᠤ ᠶᠢ ᠮᠡᠳᠡᠬᠦ ᠦᠭᠡᠢ ᠪᠠᠶᠠᠰᠤᠩᠭᠤᠢ ᠣᠪᠣᠷ ᠢ ᠨᠢ ᠰᠠᠨᠠᠬᠤ ᠠᠴᠠ ︽ᠪᠤᠷᠬᠠᠨ ᠤ ᠪᠦᠷᠢᠯᠸ᠎ᠠ ᠴᠦ ᠶᠤᠮ ᠤᠤ︖︾ ᠭᠡᠵᠦ ᠪᠢ ᠳᠣᠲᠣᠷ᠎ᠠ ᠪᠠᠨ ᠦᠷᠭᠦᠯᠵᠢ ᠪᠤᠳᠤᠨ᠎ᠠ᠃ ᠡᠪᠡᠰᠦᠨ ᠳᠤ ᠮᠡᠳᠡᠷᠡᠮᠵᠢ ᠪᠤᠢ᠃ ᠥᠪᠡᠷ ᠤᠨ ᠭᠡᠳᠡᠭ ᠬᠦᠰᠡᠯ ᠪᠤᠢ᠃ ᠦᠨᠡᠨ ᠢ ᠰᠢᠲᠦᠳᠡᠭ ᠰᠡᠳᠬᠢᠯᠭᠡ ᠪᠤᠢ᠃    ᠦᠷ ᠢᠶᠠᠷ ᠪᠣᠰᠴᠤ ᠡᠪᠡᠰᠦ ᠶᠢ ᠬᠠᠷᠠᠭᠠᠴᠢ᠂ ᠬᠥᠮᠥᠰ ᠠ᠋︕ ᠬᠠᠷᠢᠯᠴᠠᠨ ᠨᠠᠯᠠᠵᠤ ᠬᠠᠮᠲᠤ ᠪᠠᠷ ᠶᠠᠷᠢᠯᠴᠠᠵᠤ ᠪᠠᠶᠢᠭ᠎ᠠ ᠶᠢ ᠨᠢ ᠴᠢᠩᠨᠠᠭᠠᠴᠢ︕ ᠡᠪᠡᠰᠦᠨ ᠤ ᠦᠭᠡ ᠭᠡᠯᠡ ᠭᠡᠵᠦ ᠶᠣᠰᠣᠲᠠᠢ ᠤᠳᠬ᠎ᠠ ᠭᠦᠨᠵᠡᠭᠡᠢ ᠁ ᠬᠥᠮᠥᠨ ᠨᠢ ᠬᠥᠮᠥᠨ ᠢᠶᠠᠨ ᠡᠷᠭᠦᠬᠦ᠂ ᠠᠭᠤᠯᠠ ᠨᠢ ᠮᠣᠳᠣ ᠪᠠᠨ ᠡᠷᠭᠦᠬᠦ ᠬᠥᠮᠥᠨ ᠵᠤᠨ ᠤ ᠤᠬᠠᠭᠠᠨ ᠪᠤᠳᠤᠯ ᠡᠪᠡᠰᠦᠨ ᠳᠤ ᠪᠠᠶᠢᠭ᠎ᠠ ᠶᠢ ᠲᠠ ᠥᠪᠡᠷ ᠤᠨ ᠡᠷᠬᠡ ᠦᠭᠡᠢ ᠪᠢᠰᠢᠷᠡᠨ ᠪᠠᠭ᠋ᠠᠷᠬᠠᠬᠤ ᠨᠢ ᠭᠠᠷᠴᠠᠭ᠎ᠠ ᠦᠭᠡᠢ᠃      ᠤᠳᠤ ᠲᠦᠭᠡᠵᠦ᠂ ᠰᠠᠷᠠ ᠲᠡᠷᠭᠡᠯᠰᠢᠭᠰᠡᠨ ᠰᠥᠨᠢ᠃ ᠡᠪᠡᠰᠦᠨ ᠤ ᠤᠩᠭᠤᠨ ᠰᠦᠨᠡᠰᠦ ᠠᠴᠠ ᠭᠡᠷᠡᠯ ᠰᠠᠴᠤᠷᠠᠨ᠎ᠠ᠃ ᠲᠡᠭᠦᠨ ᠢ ᠣᠶᠢᠯᠠᠭᠠᠬᠤ ᠦᠭᠡᠢ ᠬᠥᠮᠥᠰ ︽ᠰᠢᠭᠦᠳᠡᠷᠢ ᠶᠢᠨ ᠭᠠᠯ︾ ᠭᠡᠳᠡᠭ᠃ ᠪᠢᠰᠢ︕ ᠲᠡᠷᠡ ᠴᠢᠨᠢ ᠡᠪᠡᠰᠦᠨ ᠤ ᠮᠥᠩᠬᠡ ᠶᠢᠨ ᠠᠮᠢ ᠪᠦᠯᠦᠭᠡ᠃      ᠡᠪᠡᠰᠦᠨ ᠤ ᠬᠠᠯᠭᠢᠶ᠎ᠠ ᠳᠤ ᠠᠭᠠᠷ ᠴᠡᠯᠮᠡᠭᠰᠢᠨ᠎ᠡ᠂ ᠬᠤᠭ ᠲᠣᠭᠤᠰᠣ ᠳᠠᠷᠤᠭᠳᠠᠨ᠎ᠠ᠂ ᠭᠠᠵᠠᠷ ᠰᠢᠷᠣᠢ ᠭᠤᠸ᠎ᠠ ᠦᠵᠡᠰᠭᠦᠯᠡᠩ ᠢᠶᠠᠨ ᠭᠠᠶᠢᠬᠠᠭᠤᠯᠤᠨ᠎ᠠ᠃ ᠭᠤᠯᠢᠶ᠎ᠠ ᠠᠵᠠ ᠵᠢᠷᠭᠠᠯ ᠤᠨ ᠡᠭᠡᠰᠢᠭ ᠲᠠᠢ ᠵᠢᠷᠭᠢᠨ᠎ᠡ᠃ ᠥᠨᠳᠡᠭᠡ ᠪᠠᠨ ᠨᠡᠪᠴᠢᠭᠦᠯᠦᠭᠰᠡᠨ ᠲᠣᠭᠤᠷᠤᠤ ᠤᠶᠠᠩᠭ᠎ᠠ ᠳᠠᠭᠤᠤ ᠲᠠᠢ ᠳᠣᠩᠭᠤᠳᠤᠨ᠎ᠠ᠃      ᠬᠥᠷᠥᠰᠥ ᠪᠠᠨ ᠴᠢᠮᠡᠵᠦ᠂ ᠬᠥᠬᠡᠷᠡᠵᠦ ᠤᠷᠭᠤᠬᠤ ᠡᠪᠡᠰᠦ ᠰᠠᠶᠢᠬᠠᠨ᠃ ᠬᠠᠮᠢᠭ᠎ᠠ ᠭᠦᠷᠦᠭᠰᠡᠨ ᠴᠦ ᠪᠢ ᠴᠢᠮ᠎ᠠ ᠪᠠᠨ ᠮᠠᠷᠲᠠᠵᠤ ᠴᠢᠳᠠᠬᠤ ᠦᠭᠡᠢ᠃ ᠬᠠᠮᠢᠭ᠎ᠠ ᠭᠦᠷᠦᠭᠰᠡᠨ ᠴᠦ ᠴᠢ ᠨᠠᠮ᠎ᠠ ᠠᠴᠠ ᠪᠠᠨ ᠵᠠᠶᠢᠳᠠᠵᠤ ᠦᠵᠡᠭᠡ ᠦᠭᠡᠢ᠃ ᠰᠦ ᠲᠠᠢ ᠴᠠᠢ ᠪᠠᠨ ᠪᠠᠯᠭᠤᠬᠤ ᠪᠦᠷᠢ ᠴᠢᠮ᠎ᠠ ᠪᠠᠨ ᠰᠠᠨᠠᠵᠤ ᠬᠠᠶᠢᠷᠠᠯᠠᠳᠠᠭ ᠰᠠᠨ᠃ ᠁      ᠡᠬᠡ ᠣᠷᠣᠨ ᠤ ᠮᠢᠨᠢ ᠠᠯᠳᠠᠨ ᠬᠥᠷᠥᠰᠥᠨ ᠳᠤ ᠮᠥᠩᠬᠡ ᠶᠢᠨ ᠠᠮᠢ ᠲᠠᠢ ᠤᠷᠭᠤᠬᠤ ᠡᠪᠡᠰᠦᠨ ᠠᠴᠠ ᠨᠠᠷᠠᠨ ᠤ ᠦᠨᠦᠷ ᠠᠩᠬᠢᠯᠵᠤ ᠰᠡᠩᠭᠢᠨᠡᠨ᠎ᠡ᠃      ᠪᠢ ᠳᠤᠷᠠᠲᠠᠶ᠎ᠠ ᠨᠢᠭᠡᠨ ᠰᠢᠷᠬᠡᠭ ᠡᠪᠡᠰᠦ ᠪᠣᠯᠵᠤ ᠬᠤᠪᠢᠯᠤᠨᠠᠮ⁈      ᠴᠢᠯᠠᠭᠤ ᠪᠣᠯ ᠴᠢᠨᠠᠷ᠃ ᠴᠢᠳᠠᠪᠠᠯ ᠬᠡᠨ ᠠᠯᠢᠨ ᠢᠶᠠᠨ ᠡᠷᠭᠦ ᠭᠡᠰᠡᠨ ᠦᠭᠡ᠃ ᠴᠠᠭᠢᠯᠵᠦ ᠥᠩᠭᠡᠷᠡᠭᠰᠡᠨ ᠣᠨ ᠵᠢᠯ ᠤᠨ ᠨᠠᠮᠲᠠᠷ᠃ ᠴᠠᠶᠢᠯᠭᠠᠨ ᠰᠡᠳᠬᠢᠯ ᠲᠠᠢ ᠳᠡᠭᠡᠳᠦᠰ ᠤᠨ ᠮᠢᠨᠢ ᠥᠪ ᠪᠣᠯᠭᠠᠨ ᠦᠯᠡᠳᠡᠭᠡᠭᠰᠡᠨ ᠰᠤᠳᠤᠷ᠃ ᠤᠵᠠᠭᠤᠷ ᠴᠠᠭ ᠤᠨ ᠵᠡᠪᠰᠡᠭ᠂ ᠥᠨᠥᠳᠥᠷ ᠤᠨ ᠪᠠᠭ᠋ᠠᠷᠬᠠᠯ᠃      ᠪᠢ ᠬᠠᠰ ᠤᠨ ᠥᠩᠭᠡ ᠲᠠᠢ ᠴᠢᠯᠠᠭᠤ ᠤᠳᠤ ᠰᠢᠭ᠋ ᠲᠦᠭᠡᠭᠰᠡᠨ ᠨᠤᠲᠤᠭ ᠲᠤ ᠲᠦᠷᠦᠵᠦ ᠥᠰᠦᠭᠰᠡᠨ ᠤ ᠬᠢ ᠴᠦ ᠶᠤᠮ ᠤᠤ︖ ᠲᠡᠭᠦᠨ ᠳᠤ ᠣᠨᠴᠠ ᠶᠢᠨ ᠤᠷᠮ᠎ᠠ ᠰᠡᠳᠬᠢᠯᠭᠡ ᠲᠠᠢ᠃ ᠭᠡᠲᠡᠯ᠎ᠡ ᠠᠩᠬ᠎ᠠ ᠬᠥᠯ ᠳᠤ ᠣᠷᠣᠵᠤ ᠮᠦᠢᠳᠤᠷ ᠲᠦᠢᠲᠤᠷ ᠠᠯᠬᠤᠬᠤ ᠳᠠᠭᠠᠨ ᠴᠢᠯᠠᠭᠤᠨ ᠳᠤ ᠪᠦᠳᠦᠷᠢᠵᠦ᠂ ᠡᠪᠦᠳᠦᠭ ᠢᠶᠠᠷ ᠢᠶᠠᠨ ᠳᠠᠷᠤᠵᠤ ᠤᠨᠠᠬᠤ ᠳᠠᠭᠠᠨ ᠤᠬᠢᠯᠠᠵᠤ ᠬᠠᠶᠢᠯᠠᠭᠠᠳ ᠰᠢᠳᠦ ᠪᠠᠨ ᠵᠠᠭᠤᠵᠤ ᠪᠠᠶᠢᠭᠰᠠᠨ ᠦᠯᠢᠭᠡᠷ ᠲᠠᠢ ᠭᠡᠵᠦ ᠡᠵᠢ ᠶᠠᠷᠢᠬᠤ ᠪᠣᠯᠭᠠᠨ ᠬᠥᠬᠦᠷᠡᠨ ᠢᠨᠢᠶᠡᠵᠦ ᠭᠠᠷᠳᠠᠭ᠃ ᠤᠳᠤ ᠪᠤᠳᠤᠪᠠᠯ ᠥᠪᠡᠷ ᠢᠶᠠᠨ ᠴᠦ ᠪᠢ ᠲᠡᠰᠬᠡᠯ ᠦᠭᠡᠢ ︽ᠫᠦᠰ︾ ᠭᠡᠲᠡᠯ᠎ᠡ ᠢᠨᠢᠶᠡᠳᠡᠭ ᠶᠤᠮ᠃      ᠦᠨᠡᠨ ᠳᠡᠭᠡᠨ ᠴᠢᠯᠠᠭᠤ ᠪᠣᠯ ᠮᠢᠨᠤ ᠤᠤᠭᠠᠨ ᠪᠠᠭᠰᠢ᠃ ᠨᠠᠳᠠ ᠳᠤ ᠡᠪᠡᠳᠬᠦ ᠶᠢᠨ ᠵᠤᠪᠠᠯᠠᠩ ᠢ ᠮᠡᠳᠡᠭᠦᠯᠦᠭᠰᠡᠨ᠃ ᠬᠥᠮᠥᠨ ᠴᠢᠨᠠᠷ ᠢ ᠴᠦ ᠣᠶᠢᠯᠠᠭᠠᠭᠤᠯᠤᠭᠰᠠᠨ᠃ ᠪᠠᠲᠤ ᠴᠢᠩᠭ᠎ᠠ ᠵᠣᠭᠰᠣᠯᠲᠠ ᠶᠢ ᠵᠢᠭᠠᠭᠰᠠᠨ ᠤᠬᠠᠭᠠᠷᠠᠯ ᠰᠡᠬᠡᠭᠡᠷᠡᠯ ᠤᠨ ᠬᠥᠲᠥᠴᠢ ᠪᠠᠶᠢᠭᠰᠠᠨ᠃ ᠲᠡᠭᠦᠨ ᠤ ᠬᠠᠯᠠᠭᠤᠨ ᠬᠦᠢᠲᠡᠨ ᠠᠴᠠ ᠵᠢᠷᠦᠬᠡᠰᠢᠶᠡᠬᠦ ᠦᠭᠡᠢ᠃ ᠬᠠᠭᠠᠷᠠᠬᠤ ᠠᠴᠠ ᠪᠢᠰᠢ ᠬᠤᠲᠦ᠋ᠢᠳᠠᠭ ᠦᠭᠡᠢ ᠡᠷᠡᠰᠭᠡᠨ ᠵᠠᠩ ᠨᠢ ᠨᠠᠮᠠᠶᠢ ᠢᠷᠯᠡᠵᠦ ᠠᠮᠢᠳᠤᠷᠠᠯ ᠤᠨ ᠪᠡᠷᠬᠡ ᠶᠢ ᠢᠯᠡᠨ ᠳᠠᠪᠠᠭ᠋ᠤ ᠵᠣᠷᠢᠭ ᠵᠢᠷᠦᠬᠡ ᠲᠠᠢ ᠪᠣᠯᠭᠠᠵᠠᠢ᠃       ᠠᠭᠤᠯᠠᠨ ᠳᠤ ᠠᠪᠠᠷᠢᠵᠤ ᠤᠷᠭᠢᠯ ᠳᠤᠨᠢ ᠭᠠᠷᠬᠤ ᠪᠣᠯ ᠮᠢᠨᠤ ᠬᠠᠮᠤᠭ ᠤᠨ ᠳᠤᠷ᠎ᠠ ᠲᠠᠢ ᠬᠥᠳᠡᠯᠭᠡᠭᠡᠨ ᠪᠣᠯᠣᠨ᠎ᠠ᠃ ᠪᠠᠭ᠎ᠠ ᠳᠠᠭᠠᠨ ᠪᠢ ᠠᠬ᠎ᠠ ᠪᠠᠨ ᠲᠠᠭᠠᠵᠦ᠂ ᠨᠤᠲᠤᠭ ᠤᠨ ᠠᠭᠤᠯᠠ ᠪᠠᠨ ᠠᠪᠠᠷᠢᠳᠠᠭ ᠪᠠᠶᠢᠯ᠎ᠠ᠃ ᠳᠡᠭᠡᠷ᠎ᠡ ᠨᠢ ᠭᠠᠷᠤᠭᠠᠳ ᠬᠤᠯᠠ ᠶᠢ ᠬᠠᠷᠠᠵᠤ ᠵᠤᠬᠰᠤᠬᠤ ᠳᠠᠭᠠᠨ ︽ᠠᠪᠤ ᠲᠠᠢ ᠶᠠᠭᠠᠬᠢᠭᠰᠠᠨ ᠠᠳᠠᠯᠢ ᠪᠤᠢ︖︾ ᠭᠡᠵᠦ ᠪᠤᠳᠤᠬᠰᠠᠨ ᠢᠶᠠᠨ ᠫᠤᠤᠳᠠᠭᠠᠳ ᠣᠯᠠᠨ ᠢ ᠢᠨᠢᠶᠡᠯᠭᠡᠵᠦ ᠥᠩᠭᠡᠷᠡᠭᠰᠡᠨ ᠠᠵᠢ᠃ ᠲᠡᠷᠡ ᠦᠶ᠎ᠡ ᠪᠠᠨ ᠡᠷᠭᠢᠴᠡᠭᠦᠯᠬᠦ ᠪᠠᠷ ᠠᠭᠤᠯᠠ ᠭᠡᠵᠦ ᠳᠡᠭᠡᠷ᠎ᠡ ᠪᠠᠨ ᠵᠣᠭᠰᠣᠭᠠᠵᠤ᠂ ᠬᠤᠯᠠ ᠬᠠᠷᠠᠭᠤᠯᠬᠤ ᠪᠠᠷ ᠢᠶᠠᠨ ᠨᠢᠷᠤᠭᠤᠨ ᠳᠠᠭᠠᠨ ᠡᠭᠦᠷᠴᠦ ᠥᠰᠬᠡᠭᠡᠳ ᠭᠦᠯᠦᠭ ᠤᠨ ᠳᠥᠷᠥᠭᠡᠨ ᠳᠤ ᠡᠷᠭᠦᠵᠦ ᠭᠠᠷᠭᠠᠭᠰᠠᠨ ᠡᠴᠢᠭᠡ ᠲᠠᠢ ᠦᠨᠡᠬᠡᠷ ᠥᠭᠡᠷ᠎ᠡ ᠶᠠᠭᠤ ᠳ᠋ᠠ︖ ᠠᠭᠤᠯᠠ ᠮᠢᠨᠢ᠃      ᠮᠣᠩᠭᠤᠯ ᠨᠤᠲᠤᠭ ᠤᠨ ᠮᠢᠨᠢ ᠵᠢᠷᠭᠠᠬᠤ ᠨᠠᠷᠠ ᠨᠢ ᠴᠦ ᠠᠭᠤᠯᠠᠨ ᠳᠠᠭᠠᠨ ᠰᠥᠬᠦᠷᠡᠳᠡᠭ ᠡᠷᠬᠢᠮ ᠳᠡᠭᠡᠳᠦ᠂ ᠪᠣᠯᠪᠠᠰᠤᠨ ᠰᠤᠷᠲᠠᠯ ᠲᠠᠢ ᠭᠡᠬᠦ ᠳᠤ ᠬᠦᠷᠡᠩ ᠥᠩᠭᠡ ᠲᠠᠢ ᠮᠠᠨᠠᠨ ᠨᠢ ᠥᠷᠯᠥᠭᠡ ᠪᠦᠷᠢ ᠥᠯᠮᠡᠢ ᠶᠢ ᠨᠢ ᠦᠨᠦᠰᠴᠦ ᠰᠢᠩᠭᠡᠳᠡᠭ ᠤᠴᠢᠷ ᠲᠠᠢ᠃ ᠰᠡᠪᠡᠯᠵᠡᠬᠦ ᠰᠠᠯᠬᠢᠨ ᠨᠢᠮᠭᠡᠨ ᠲᠣᠭᠤᠰᠣ ᠶᠢ ᠨᠢ ᠭᠦᠪᠢᠬᠦ ᠭᠡᠬᠦ ᠳᠤ ᠰᠢᠪᠡᠷᠡᠬᠦ ᠪᠣᠷᠣᠭᠠᠨ ᠴᠠᠩᠭᠠᠭ᠎ᠠ ᠶᠢ ᠨᠢ ᠲᠠᠶᠢᠯᠵᠦ ᠪᠤᠴᠠᠬᠤ ᠳᠠᠭᠠᠨ ᠥᠩᠭᠡᠲᠦ ᠰᠣᠯᠣᠩᠭ᠎ᠠ ᠪᠠᠷ ᠲᠡᠭᠷᠢ ᠲᠠᠢ ᠬᠤᠯᠪᠣᠳᠠᠭ ᠲᠤ ᠮᠢᠨᠤ ᠰᠡᠳᠬᠢᠯ ᠥᠪᠡᠷ ᠤᠨ ᠡᠷᠬᠡ ᠦᠭᠡᠢ ᠬᠥᠭᠰᠡᠵᠦ ᠰᠢᠯᠦᠭ ᠤᠨ ᠣᠩᠭᠤᠳ ᠭᠢᠯᠠᠰᠬᠢᠨ ᠪᠠᠭᠤᠳᠠᠭ ᠪᠠᠶᠢᠯ᠎ᠠ᠃      ᠭᠡᠷᠡᠯ ᠢᠯᠴᠢ ᠰᠢᠩᠭᠡᠭᠰᠡᠨ᠂ ᠳᠣᠲᠣᠷ ᠲᠠᠮᠢᠷ ᠲᠠᠢ ᠠᠭᠤᠯᠠ ᠴᠢᠯᠠᠭᠤ ᠮᠢᠨᠢ᠃ ᠨᠠᠷᠠᠨ ᠰᠦ ᠶᠢᠨ ᠦᠨᠦᠷ ᠴᠢᠮ᠎ᠠ ᠠᠴᠠ ᠬᠠᠩᠬᠤᠯᠤᠨ᠎ᠠ᠃ ᠲᠡᠷᠡ ᠠᠭᠠᠷ ᠰᠢᠭ᠋ ᠱᠠᠩᠳᠠᠭᠤᠨ ᠦᠨᠦᠷ ᠲᠤ ᠬᠤᠷᠸ᠎ᠠ ᠲᠠᠩᠰᠤᠭ ᠵᠢᠷᠭᠠᠬᠤ ᠶᠣᠰᠣᠲᠠᠢ᠃      ᠪᠢ ᠡᠬᠡ ᠣᠷᠣᠨ ᠳᠠᠭᠠᠨ ᠬᠡᠰᠡᠭ ᠴᠢᠯᠠᠭᠤ ᠪᠣᠯᠵᠤ ᠤᠷᠭᠤᠨᠠᠮ⁈      ᠭᠡᠷᠡᠯ ᠤᠷᠤᠭᠤ ᠲᠡᠮᠡᠦᠯᠵᠦ ᠤᠷᠤᠰᠬᠤ ᠢᠨᠵᠠᠭᠠᠨ ᠭᠤᠣᠯ ᠤᠨ ᠰᠢᠷᠤᠩᠬᠠᠢ ᠮᠢᠨᠤ ᠵᠢᠷᠦᠬᠡᠨ ᠴᠣᠬᠢᠯᠭ᠎ᠠ ᠲᠠᠢ ᠠᠶᠢᠵᠠᠮ ᠨᠡᠶᠢᠯᠡᠬᠦ ᠪᠠᠷ ᠨᠠᠶᠢᠷᠠᠭ ᠤᠨ ᠣᠩᠭᠤᠳ ᠪᠣᠯᠵᠤ ᠬᠤᠪᠢᠯᠤᠭᠠᠳ ᠬᠤᠭᠤᠷ ᠤᠨ ᠠᠶᠠᠯᠭᠤᠨ ᠳᠤ ᠬᠥᠭᠯᠡᠭᠳᠡᠳᠡᠭ᠃      ᠥᠭᠡᠳᠡ ᠥᠭᠡᠳᠡ ᠠᠴᠠ ᠪᠠᠨ ᠬᠠᠷᠠᠭᠰᠠᠨ ᠪᠣᠰᠤᠭ᠎ᠠ ᠬᠤᠶᠠᠷ ᠡᠷᠭᠢ ᠨᠢ ᠨᠠᠷᠠᠨ ᠰᠠᠷᠠᠨ ᠤ ᠪᠠᠨ ᠣᠷᠣᠰᠢᠬᠤᠢ ᠶᠢᠨ ᠵᠢᠮ᠎ᠡ ᠪᠠᠷ ᠰᠡᠬᠦ᠋ᠢᠵᠦ ᠭᠤᠣᠯ ᠤᠨ ᠤᠰᠤᠨ ᠤ ᠪᠠᠨ ᠠᠯᠤᠰ ᠤᠨ ᠬᠦᠰᠡᠯ᠂ ᠠᠷᠢᠭᠤᠨ ᠰᠠᠨᠠᠭ᠎ᠠ᠂ ᠥᠭᠭᠢᠶᠡᠮᠦᠷ ᠬᠠᠶᠢᠷ᠎ᠠ ᠳᠤ ᠳᠣᠲᠣᠷ᠎ᠠ ᠠᠴᠠ ᠪᠠᠨ ᠭᠡᠭᠡᠷᠡᠨ᠎ᠡ᠃ ᠤᠰᠤᠨ ᠳᠤ ᠮᠡᠳᠡᠷᠡᠮᠵᠢ ᠲᠠᠢ᠂ ᠤᠢ ᠤᠬᠠᠭᠠᠨ ᠲᠠᠢ ᠨᠢ ᠦᠨᠡᠨ᠃ ᠲᠡᠭᠦᠨ ᠳᠤ ᠪᠠᠰᠠ ᠥᠪᠡᠷ ᠤᠨ ᠭᠡᠬᠦ ᠦᠭᠡ ᠭᠡᠯᠡ ᠲᠠᠢ ᠴᠦ ᠮᠠᠭᠠᠳ᠃ ᠣᠬᠢᠯᠠᠭᠰᠠᠨ ᠵᠢᠭᠠᠰᠤᠨ ᠤ ᠪᠠᠨ ᠨᠢᠯᠪᠤᠰᠤ ᠶᠢ ᠤᠰᠤ ᠪᠠᠷ ᠢᠶᠠᠨ ᠨᠢᠭᠤᠳᠠᠭ ᠢ ᠪᠤᠳᠤᠬᠤ ᠠᠴᠠ ᠦᠷ᠎ᠡ ᠬᠡᠦᠬᠡᠳ ᠢᠶᠠᠨ ᠭᠡᠳᠡᠭ ᠡᠵᠢ ᠶᠢ ᠮᠢᠨᠢ ᠰᠠᠨᠠᠭᠳᠠᠭᠤᠯᠤᠨ᠎ᠠ᠃ ︽ᠴᠡᠩᠬᠡᠷ ᠲᠤᠩᠭᠠᠯᠠᠭ ᠤᠰᠤᠨ ᠳᠤ ᠪᠠᠰᠠ ᠪᠤᠷᠬᠠᠨ ᠪᠠᠶᠢᠳᠠᠭ ᠴᠦ ᠶᠤᠮ ᠤᠤ⁈︾ ᠭᠡᠵᠦ ᠪᠢ ᠦᠷᠭᠦᠯᠵᠢ ᠪᠤᠳᠤᠨᠠᠮ᠃      ᠤᠷᠭᠤᠮᠠᠯ ᠤᠨ ᠠᠮᠢ ᠨᠠᠰᠤ ᠪᠣᠯ ᠤᠰᠤ᠃ ᠬᠥᠮᠥᠨ ᠠᠮᠢᠳᠠᠨ᠂ ᠠᠷᠢᠶᠠᠲᠠᠨ ᠵᠢᠭᠦᠷᠲᠡᠨ ᠤ ᠠᠮᠢ ᠨᠠᠰᠤ ᠴᠦ ᠤᠰᠤ᠃ ᠥᠴᠥᠬᠡᠨ ᠰᠢᠮᠠᠭᠤᠯ ᠭᠦᠷᠳᠡᠯ᠎ᠡ ᠠᠩᠭᠠᠬᠤ ᠳᠠᠭᠠᠨ ᠤᠰᠤᠨ ᠳᠤ ᠪᠠᠭᠤᠨ᠎ᠠ᠃ ᠭᠦᠨ ᠲᠠᠯᠠᠢ ᠶᠢᠨ ᠢᠷᠤᠭᠠᠷ ᠠᠴᠠ ᠤᠷᠭᠤᠭᠰᠠᠨ ᠴᠢᠯᠠᠭᠤ ᠴᠦ ᠤᠰᠤᠨ ᠠᠴᠠ ᠰᠠᠯᠬᠤ ᠪᠠᠷ ᠬᠠᠳᠠᠵᠦ ᠬᠠᠭᠠᠷᠠᠬᠤ ᠤᠴᠢᠷᠲᠠᠢ᠃ ᠣᠷᠴᠢᠯᠠᠩ ᠤᠰᠤᠨ ᠤ ᠠᠮᠢ ᠲᠠᠢ᠂ ᠤᠰᠤᠨ ᠠᠴᠠ ᠰᠠᠯᠵᠤ ᠪᠤᠯᠬᠤ ᠦᠭᠡᠢ ᠪᠠᠷᠢᠯᠳᠤᠯᠭ᠎ᠠ ᠲᠠᠢ ᠪᠠᠶᠢᠵᠤ ᠲᠠᠭᠠᠷᠠᠨ᠎ᠠ᠃      ᠴᠢᠭᠢᠭᠯᠢᠭ ᠰᠡᠷᠢᠭᠦᠨ ᠦᠷ ᠤᠨ ᠵᠢᠪᠠᠷ ᠤᠰᠤᠨ ᠤ ᠰᠠᠳᠤᠨ᠃ ᠭᠦᠨ ᠴᠡᠩᠬᠡᠷ ᠴᠠᠯᠭᠢᠯᠠᠭᠰᠠᠨ ᠠᠭᠠᠷ ᠤᠰᠤᠨ ᠤ ᠲᠦᠷᠦᠯ᠃ ᠨᠡᠭᠦᠳᠡᠯ ᠤᠨ ᠰᠢᠪᠠᠭᠤᠳ ᠴᠦ ᠤᠰᠤᠨ ᠤ ᠪᠠᠨ ᠭᠡᠯᠡ ᠪᠠᠷ ᠵᠢᠷᠭᠢᠨ᠎ᠡ᠃ ᠰᠠᠷᠠ ᠪᠦᠭᠴᠢᠮ ᠬᠠᠯᠠᠭᠤᠨ ᠦᠳᠡᠰᠢ ᠤᠰᠤᠨ ᠳᠤ ᠢᠷᠡᠵᠦ ᠤᠮᠪᠠᠨ᠎ᠠ᠃ ᠲᠡᠭᠷᠢ ᠴᠦ ᠬᠠᠯᠠᠭᠤᠷᠠᠭᠠᠳ ᠲᠡᠰᠬᠦ ᠦᠭᠡᠢ ᠳᠡᠭᠡᠨ ᠤᠰᠤᠨ ᠳᠤ ᠢᠷᠡᠨ᠎ᠡ᠃ ᠭᠡᠬᠦ ᠳᠡᠭᠡᠨ ᠲᠡᠭᠷᠢ ᠶᠢᠨ ᠪᠤᠳᠤᠭ ᠤᠰᠤᠨ ᠳᠤ ᠰᠢᠩᠭᠡᠵᠦ ᠥᠩᠭᠡ ᠨᠢ ᠢᠵᠢᠯᠢᠰᠢᠭᠰᠡᠨ ᠪᠠᠶᠢᠳᠠᠭ᠃ ᠤᠰᠤᠨ ᠤ ᠠᠮᠢ ᠮᠥᠩᠬᠡ ᠶᠢᠨ ᠬᠢ ᠪᠣᠯᠤᠭᠰᠠᠨ ᠨᠢ ᠲᠡᠷᠡ ᠴᠦ ᠶᠤᠮ ᠤᠤ︖ ᠡᠰᠡᠬᠦᠯ᠎ᠡ ᠪᠥᠮᠪᠥᠷᠴᠡᠭ ᠳᠡᠯᠡᠬᠡᠢ ᠶᠢᠨ ᠪᠤᠶᠠᠨ ᠢᠶᠠᠷ ᠴᠦ ᠶᠤᠮ ᠤᠤ︖      ᠶᠢᠷᠲᠢᠨᠴᠦ ᠲᠣᠭᠲᠠᠭᠰᠠᠨ ᠠᠴᠠ ᠨᠠᠭᠠᠰᠢ ᠤᠰᠤ ᠪᠠᠷ ᠯᠡ ᠠᠮᠢ ᠭᠤᠣᠯ ᠲᠠᠢ᠂ ᠥᠭᠡᠳᠡ ᠥᠯᠵᠡᠢ ᠲᠠᠢ ᠶᠠᠪᠤᠨ᠎ᠠ᠃ ᠭᠡᠬᠦ ᠳᠡᠭᠡᠨ ᠮᠣᠩᠭᠤᠯᠴᠤᠳ ︽ᠲᠤᠰᠤᠯ ᠤᠰᠤ ᠶᠢ ᠴᠦ ᠬᠠᠶᠢᠷᠠᠯᠠᠵᠤ ᠭᠠᠮᠨᠠᠵᠤ ᠶᠠᠪᠤᠭᠠᠷᠠᠢ︾ ᠬᠡᠮᠡᠨ ᠬᠡᠦᠬᠡᠳ ᠢᠶᠠᠨ ᠰᠤᠷᠭᠠᠳᠠᠭ ᠨᠢ ᠬᠤᠯᠠ ᠶᠢᠨ ᠪᠤᠳᠤᠯ᠂ ᠬᠦᠰᠡᠯ ᠢᠲᠡᠭᠡᠯ᠂ ᠬᠥᠮᠥᠨᠴᠢ ᠴᠢᠨᠠᠷ ᠤᠨ ᠬᠢᠨᠢ ᠢᠯᠡᠷᠡᠯ ᠶᠤᠮ᠃      ᠤᠬᠠᠭᠠᠨᠲᠤ ᠳᠡᠭᠡᠳᠦᠰ ᠮᠠᠨᠢ ᠪᠤᠯᠠᠭ ᠣᠷᠭᠢᠯᠤᠭᠰᠠᠨ ᠨᠠᠪᠳᠠᠭ ᠰᠠᠪᠳᠠᠭ ᠲᠠᠢ ᠨᠠᠭᠤᠷ ᠲᠤ ᠪᠡᠶ᠎ᠡ ᠪᠠᠨ ᠤᠬᠢᠶᠠᠬᠤ ᠪᠤᠶᠤ ᠬᠤᠪᠴᠠᠰᠤ ᠤᠬᠢᠶᠠᠬᠤ ᠶᠢ ᠴᠡᠭᠡᠷᠯᠡᠭᠦᠯᠦᠨ ᠰᠤᠷᠭᠠᠳᠠᠭ᠃ ᠡᠨᠡ ᠨᠢ ᠲᠡᠭᠦᠨ ᠤ ᠤᠰᠤᠨ ᠳᠤ ᠬᠠᠶᠢᠷ᠎ᠠ ᠲᠠᠢ ᠰᠡᠳᠬᠢᠯ ᠢ ᠬᠠᠷᠠᠭᠤᠯᠵᠤ ᠪᠠᠶᠢᠬᠤ ᠪᠠᠷ ᠪᠠᠷᠠᠬᠤ ᠦᠭᠡᠢ ᠴᠡᠪᠡᠷ ᠠᠷᠢᠭᠤᠨ ᠠᠮᠢᠳᠤ ᠤᠰᠤ ᠶᠢ ᠪᠤᠵᠠᠷᠳᠠᠭᠤᠯᠵᠦ ᠰᠢᠷᠭᠢᠭᠦᠯᠬᠦ ᠠᠴᠠ ᠪᠣᠯᠭᠤᠮᠵᠢᠯᠠᠭᠰᠠᠨ ᠠᠭᠤᠤ ᠶᠡᠭᠡ ᠢᠷᠡᠭᠡᠳᠦ᠋ᠢᠴᠢ ᠦᠵᠡᠯ ᠤᠬᠠᠮᠰᠠᠷ ᠤᠨ ᠭᠡᠷᠡᠯ ᠭᠡᠭᠡ ᠶᠤᠮ᠃      ᠪᠠᠶᠢᠭᠠᠯᠢ ᠥᠪᠡᠷ ᠢ ᠪᠠᠨ ᠦᠪᠡᠰᠦᠪᠡᠨ ᠡᠪᠳᠡᠳᠡᠭ ᠦᠭᠡᠢ᠃ ᠨᠠᠭᠤᠷ ᠤᠰᠤᠨ ᠴᠦ ᠥᠪᠡᠷ ᠢᠶᠠᠨ ᠬᠠᠳᠠᠵᠦ ᠬᠠᠭᠰᠠᠷᠠᠬᠤ ᠦᠭᠡᠢ᠃ ᠬᠥᠮᠥᠨ ᠯᠡ ᠪᠠᠶᠢᠭᠠᠯᠢ ᠪᠠᠨ ᠴᠢᠯᠡᠭᠡᠵᠦ᠂ ᠨᠠᠭᠤᠷ ᠴᠦᠭᠦᠷᠤᠮ᠂ ᠭᠤᠣᠯ ᠮᠥᠷᠡᠨ ᠢᠶᠠᠨ ᠭᠤᠮᠣᠳᠠᠭᠠᠳᠠᠭ ᠢ ᠭᠦᠪᠡᠭᠡ ᠨᠢ ᠰᠡᠮᠡᠷᠡᠭᠰᠡᠨ ᠲᠠᠯ᠎ᠠ ᠬᠠᠩᠭᠠᠢ᠂ ᠲᠠᠲᠠᠭᠤᠷᠠᠵᠤ ᠨᠠᠷᠢᠰᠤᠭᠰᠠᠨ ᠤᠷᠤᠰᠬᠠᠯ ᠤᠰᠤᠨ᠂ ᠰᠢᠷᠭᠢᠮᠡᠷ ᠪᠣᠯᠤᠭᠰᠠᠨ ᠨᠣᠭᠤᠭᠠᠨ ᠪᠦᠷᠢᠳᠦ ᠶᠢᠨ ︽ᠦᠷ᠎ᠡ ᠬᠤᠶᠢᠴᠢᠰ ᠤᠨ ᠢᠶᠠᠨ ᠮᠠᠷᠭᠠᠰᠢ ᠶᠢ ᠪᠣᠳᠣᠯᠬᠢᠯᠠ︾ ᠭᠡᠰᠡᠨ ᠤᠳᠬ᠎ᠠ ᠤᠴᠢᠷᠲᠠᠢ ᠰᠢᠪᠡᠨᠡᠭᠡ ᠠᠴᠠ ᠰᠡᠷᠡᠵᠦ ᠰᠡᠬᠡᠭᠡᠷᠡᠵᠦ ᠪᠣᠯᠣᠨ᠎ᠠ᠃ ᠬᠥᠮᠥᠰ ᠮᠢᠨᠢ︕      ᠤᠰᠤᠨ ᠳᠤ ᠡᠵᠢ ᠶᠢᠨ ᠬᠠᠶᠢᠷ᠎ᠠ ᠠᠴᠠ ᠭᠠᠳᠠᠨ᠎ᠠ᠂ ᠠᠪᠤ ᠶᠢᠨ ᠠᠷᠠᠨᠰᠢᠨ ᠴᠦ ᠪᠤᠢ᠃ ᠦᠶᠡᠷᠯᠡᠨ ᠳᠠᠪᠠᠯᠭᠠᠯᠠᠵᠤ᠂ ᠤᠶᠢᠯᠰᠤᠨ ᠬᠦᠷᠬᠢᠷᠡᠬᠦ ᠨᠢ ᠤᠰᠤᠨ ᠤ ᠠᠭᠤᠷ ᠬᠢᠯᠢᠩ ᠪᠢᠵᠡ︖ ᠶᠡᠨᠳᠡᠷ ᠤᠨ ᠴᠢᠯᠠᠭᠤ ᠶᠢ ᠨᠦᠬᠡᠯᠡᠳᠡᠭ ᠲᠤᠰᠤᠯ ᠤᠰᠤᠨ ᠠᠴᠠ ᠲᠡᠭᠦᠨ ᠤ ᠬᠠᠳᠠᠨ ᠠᠴᠠ ᠳᠠᠪᠠᠭᠰᠠᠨ ᠬᠠᠲᠠᠭᠤ ᠴᠢᠨᠠᠷ ᠢ ᠴᠦ ᠤᠬᠠᠭᠠᠷᠠᠵᠤ ᠮᠠᠳᠠᠨ᠎ᠠ᠃ ᠬᠦᠷᠬᠢᠷ᠎ᠡ ᠠᠴᠠ ᠰᠦᠷ ᠶᠡᠭᠡ ᠬᠦᠴᠦᠨ ᠴᠢᠳᠠᠯ ᠢ ᠴᠦ ᠣᠯᠵᠤ ᠬᠠᠷᠠᠨ᠎ᠠ᠃ ᠤᠰᠤᠨ ᠠᠴᠠ ᠪᠢᠳᠡ ᠴᠠᠭᠢᠯᠭᠠᠨ ᠭᠠᠷᠭᠠᠨ᠎ᠠ᠃ ᠤᠰᠤᠨ ᠠᠴᠠ ᠪᠢᠳᠡ ᠦᠯᠡᠮᠵᠢ ᠶᠢᠨ ᠡᠬᠢ ᠪᠠᠶᠠᠯᠢᠭ ᠢ ᠱᠦᠭᠦᠨ᠎ᠡ᠃ ᠬᠤᠯᠪᠣᠨ ᠪᠣᠳᠣᠯᠲᠠ ᠶᠢᠨ ᠬᠢᠵᠠᠭᠠᠷ ᠦᠭᠡᠢ ᠡᠷᠬᠡ ᠴᠢᠯᠦᠭᠡ ᠤᠰᠤ ᠮᠢᠨᠤ᠃ ᠴᠢ ᠭᠤᠸ᠎ᠠ ᠰᠠᠶᠢᠬᠠᠨ ᠤ ᠳᠣᠲᠣᠷᠠᠬᠢ ᠭᠤᠸ᠎ᠠ ᠰᠠᠶᠢᠬᠠᠨ ᠴᠦ ᠶᠤᠮ ᠤᠤ⁈      ᠪᠢ ᠲᠤᠰᠤᠯ ᠤᠰᠤᠨ ᠪᠣᠯᠵᠤ ᠡᠬᠡ ᠣᠷᠣᠨ ᠤ ᠪᠠᠨ ᠠᠨᠠᠪᠠᠳ ᠲᠠᠯᠠᠢ ᠳᠤ ᠬᠦᠷᠬᠢᠷᠡᠨᠡᠮ⁈      ᠤᠷᠭᠤᠵᠦ ᠰᠠᠴᠤᠷᠠᠭᠰᠠᠨ ᠨᠠᠷᠠᠨ ᠤ ᠦᠨᠦᠷ ᠲᠠᠢ᠂ ᠥᠨᠢ ᠮᠥᠩᠬᠡ ᠶᠢᠨ ᠤᠰᠤ ᠮᠢᠨᠢ ᠳ᠋ᠧ᠃ ᠪᠢ ᠴᠢᠮ᠎ᠠ ᠳᠤ ᠬᠠᠶᠢᠷᠠᠲᠠᠢ ᠪᠣᠯᠬᠤᠷ ᠦᠷᠭᠦᠯᠵᠢ ᠡᠯᠢᠭᠡ ᠨᠢᠭᠡᠲᠡᠢ ᠡᠬᠡ ᠣᠷᠣᠨ ᠳᠠᠭᠠᠨ ᠲᠤᠰᠤᠯ ᠤᠰᠤ ᠪᠣᠯᠵᠤ ᠠᠯᠠᠭᠠᠨ ᠳᠡᠭᠡᠷ᠎ᠡ ᠨᠢ ᠠᠭᠤᠰᠤᠨ ᠵᠢᠷᠭᠠᠵᠤ ᠪᠤᠢ ᠬᠡᠮᠡᠨ ᠵᠡᠭᠦᠳᠦᠯᠡᠳᠡᠭ ᠪᠠᠶᠢᠯ᠎ᠠ ᠁ ᠬᠥᠭᠵᠢᠯ ᠮᠠᠨᠳᠤᠯ ᠤᠨ ᠠᠯᠳᠠᠨ ᠲᠦᠷᠦᠭᠡ ᠬᠠᠩᠭᠢᠨᠠᠭᠤᠯᠵᠤ ᠲᠤᠷᠤᠨ᠎ᠠ ᠶᠢᠨ ᠲᠣᠷᠭᠠᠨ ᠡᠯᠢᠭᠡᠨ ᠳᠤ ᠲᠦᠮᠡᠨ ᠨᠢᠳᠦ ᠲᠠᠢ ᠲᠡᠭᠷᠢ ᠰᠢᠭ ᠰᠦᠷ ᠭᠡᠷᠡᠯ ᠲᠠᠢ᠂ ᠨᠠᠮ ᠲᠠᠶᠢᠪᠤᠩ ᠣᠷᠣᠰᠢᠬᠤ ᠪᠤᠷᠬᠠᠨ ᠡᠬᠡ ᠣᠷᠣᠨ ᠮᠢᠨᠢ᠃ ᠲᠠᠨ ᠤ ᠴᠢᠮᠬᠢ ᠰᠢᠷᠣᠢ᠂ ᠥᠨᠥᠴᠢᠨ ᠨᠠᠪᠴᠢ᠂ ᠥᠴᠥᠬᠡᠨ ᠰᠢᠷᠭᠤᠯᠵᠢ ᠁ ᠴᠢᠨᠢ ᠠᠳᠠᠯ᠎ᠠ ᠮᠢᠨᠤ ᠰᠡᠳᠬᠢᠯ ᠳᠤ ᠠᠯᠳᠠ ᠪᠠᠷ ᠰᠣᠯᠢᠬᠤ ᠦᠭᠡᠢ ᠦᠨᠡᠲᠦ ᠡᠷᠳᠡᠨᠢ ᠶᠤᠮᠰᠠᠨ᠃ ᠬᠤᠯᠠᠳᠠᠬᠤ ᠪᠠᠷ ᠵᠡᠭᠦᠳᠦᠨ ᠳᠤ ᠡᠷᠭᠢᠴᠡᠨ᠎ᠡ᠃ ᠣᠶᠢᠷᠠᠳᠬᠤ ᠪᠠᠷ ᠵᠢᠷᠦᠬᠡᠨ ᠳᠤ ᠭᠡᠷᠡᠯᠲᠦᠨ᠎ᠡ᠃      ᠡᠵᠢ — ᠨᠠᠷᠠᠨ ᠤ ᠦᠨᠦᠷ ᠲᠠᠢ ᠡᠬᠡ ᠣᠷᠣᠨ ᠮᠢᠨᠢ᠃      ᠡᠬᠡ ᠣᠷᠣᠨ — ᠰᠢᠲᠦᠭᠡᠨ ᠲᠡᠭᠷᠢ ᠡᠵᠢ ᠮᠢᠨᠢ ᠠ᠋᠃   
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ