ᠵᠢᠢ ᠯᠦ ᠰᠠᠢ ᠪᠣᠭᠤᠮᠲᠠ ᠨᠢ ᠱᠠᠵᠢᠨᠲᠣᠬᠤᠢ ᠰᠤᠮᠤ ᠶᠢᠨ ᠬᠠᠷᠠᠭᠤᠨ᠎ᠠ ᠠᠭᠤᠯᠠ ᠶᠢᠨ ᠠᠮᠠᠨ ᠳᠤ ᠪᠠᠶᠢᠷᠢᠯᠠᠵᠤ᠂ ᠬᠠᠨ ᠤ ᠦᠶ᠎ᠡ ᠳᠤ ᠮᠤᠨᠠ ᠠᠭᠤᠯᠠ ᠶᠢ | ᠨᠡᠪᠲᠡᠷᠡᠨ ᠭᠠᠷᠬᠤ ᠴᠢᠬᠤᠯᠠ ᠴᠠᠶᠢᠵᠠ ᠪᠠᠬᠢᠯᠡᠯᠲᠡ ᠪᠣᠯᠵᠤ ᠪᠠᠶᠢᠵᠠᠢ᠃ ᠪᠠᠷᠠᠭᠤᠨ ᠬᠠᠨ ᠤᠯᠤᠰ ᠤᠨ ᠦᠶᠡᠰ᠂ ᠲᠤᠰ ᠪᠣᠭᠤᠮᠲᠠ ᠨᠢ ᠳᠣᠲᠣᠷ ᠣᠷᠣᠨ ᠪᠣᠯᠤᠨ | ᠾᠦᠩᠨᠦ ᠤᠯᠤᠰ ᠤᠨ ᠤᠯᠤᠰ ᠲᠥᠷᠥ ᠶᠢᠨ ᠶᠠᠪᠤᠯᠴᠠᠭᠠᠨ ᠤ ᠴᠢᠬᠤᠯᠠ ᠨᠡᠪᠲᠡᠷᠡᠬᠦ ᠪᠣᠭᠤᠮᠲᠠ ᠪᠣᠯᠵᠤ ᠪᠠᠶᠢᠭᠰᠠᠨ ᠪᠥᠭᠡᠳ᠂ ᠮᠠᠨ ᠤ ᠤᠯᠤᠰ ᠤᠨ ᠬᠠᠮᠤᠭ ᠡᠷᠲᠡᠨ ᠤ | ᠬᠠᠯᠬᠠᠭ᠎ᠠ ᠪᠣᠭᠤᠮᠲᠠ ᠶᠢᠨ ᠵᠠᠭᠪᠤᠷ ᠪᠣᠯᠵᠤ ᠪᠠᠶᠢᠳᠠᠭ᠃ ᠲᠡᠦᠬᠡᠨ ᠲᠡᠮᠳᠡᠭᠯᠡᠯ ᠢ ᠦᠨᠳᠥᠰᠦᠯᠡᠪᠡᠯ᠂ ᠨᠡᠶᠢᠲᠡ ᠶᠢᠨ ᠣᠨ ᠲᠣᠭᠠᠯᠠᠯ ᠠᠴᠠ ᠡᠮᠦᠨ᠎ᠡ ᠬᠤᠶᠠᠳᠤᠭᠠᠷ | ᠵᠠᠭᠤᠨ ᠤ ᠦᠶᠡᠰ᠂ ᠸᠧᠢ ᠴᠢᠩ ᠵᠠᠩᠵᠤᠨ ᠤᠮᠠᠷᠠᠰᠢ ᠾᠦᠩᠨᠦ ᠤᠯᠤᠰ ᠢ ᠳᠠᠶᠢᠯᠠᠵᠤ᠂ ᠠᠳᠡ ᠴᠡᠷᠢᠭ ᠰᠠᠭᠤᠯᠭᠠᠨ ᠪᠠᠬᠢᠯᠡᠨ ᠰᠠᠬᠢᠵᠤ ᠪᠠᠶᠢᠵᠠᠢ᠃ ᠡᠨᠡ ᠬᠦ | ᠴᠢᠯᠠᠭᠤᠨ ᠪᠣᠭᠤᠮᠲᠠ ᠨᠢ ᠳᠥᠷᠪᠡᠯᠵᠢᠨ ᠬᠡᠯᠪᠡᠷᠢ ᠲᠠᠢ ᠪᠠᠶᠢᠵᠤ᠂ ᠴᠢᠯᠠᠭᠤ᠂ ᠰᠢᠷᠣᠢ ᠪᠠᠷ ᠥᠷᠥᠵᠦ ᠪᠦᠲᠦᠭᠡᠵᠡᠢ᠃ ᠲᠠᠯ᠎ᠠ ᠶᠢᠨ ᠤᠷᠲᠤ ᠨᠢ 58.5 ᠮᠧᠲᠷ᠂ | 4692.25 ᠲᠡᠭᠰᠢ ᠳᠥᠷᠪᠡᠯᠵᠢᠨ ᠮᠧᠲᠷ ᠭᠠᠵᠠᠷ ᠡᠵᠡᠯᠡᠵᠦ᠂ ᠡᠪᠳᠡᠷᠬᠡᠢ ᠬᠡᠷᠡᠮ ᠤᠨ ᠥᠨᠳᠥᠷ ᠨᠢ ᠪᠠᠷᠤᠭ 8 ᠮᠧᠲᠷ ᠪᠤᠢ᠃ ᠬᠦᠷᠢᠶᠡᠨ ᠤ ᠳᠥᠷᠪᠡᠨ | ᠥᠨᠴᠥᠭ ᠲᠤ ᠪᠦᠷ ᠪᠠᠬᠢᠯᠡᠯᠲᠡ ᠬᠡᠷᠡᠮ ᠲᠠᠢ ᠪᠠᠶᠢᠵᠤ᠂ ᠡᠭᠦᠳᠡ ᠨᠢ ᠡᠮᠦᠨᠡᠰᠢ ᠬᠠᠨᠳᠤᠵᠤ ᠪᠠᠶᠢᠳᠠᠭ᠃ ᠡᠨᠡ ᠬᠦ ᠪᠣᠭᠤᠮᠲᠠ ᠨᠢ ︽ᠨᠢᠭᠡᠨ ᠡᠷ᠎ᠡ ᠰᠠᠬᠢᠪᠠᠰᠤ ᠲᠦᠮᠡᠨ | ᠴᠡᠷᠢᠭ ᠲᠤᠭᠤᠯᠬᠤᠶᠠ ᠪᠡᠷᠬᠡ︾ ᠪᠠᠶᠢᠳᠠᠯ ᠲᠠᠢ ᠪᠠᠶᠢᠵᠤ᠂ ᠶᠡᠭᠡ ᠰᠦᠷᠯᠢᠭ ᠪᠠᠶᠢᠳᠠᠭ᠃ ︽ᠬᠠᠨ ᠤ ᠪᠢᠴᠢᠭ · ᠾᠦᠩᠨᠦ ᠶᠢᠨ ᠨᠠᠮᠲᠠᠷ︾ ᠲᠠᠬᠢ ᠲᠡᠮᠳᠡᠭᠯᠡᠯ ᠢ | ᠦᠨᠳᠥᠰᠦᠯᠡᠪᠡᠯ᠂ ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 33 ᠣᠨ ᠳᠤ᠂ ᠬᠤᠬᠠᠨ ᠴᠠᠨ ᠢᠦᠢ ᠴᠠᠩ ᠠᠨ ᠳᠤ ᠬᠦᠷᠴᠦ ᠨᠠᠶᠢᠷᠠᠮᠳᠠᠬᠤ ᠶᠢ ᠬᠦᠰᠡᠭᠰᠡᠨ ᠳᠤ᠂ | ᠬᠠᠨ ᠶᠤᠸᠠᠨ ᠳ᠋ᠢ ᠬᠠᠭᠠᠨ ᠵᠣᠣ ᠵᠢᠶᠦ᠋ᠨ ᠢ ᠪᠡᠷᠢ ᠪᠣᠯᠭᠠᠨ ᠬᠦᠷᠭᠡᠵᠡᠢ᠃ ᠲᠡᠳᠡ ᠲᠤᠰ ᠵᠢᠯ ᠳᠡᠭᠡᠨ ᠤᠮᠠᠷᠠᠰᠢ ᠪᠤᠴᠠᠬᠤ ᠦᠶᠡᠰ ᠵᠢᠢ ᠯᠦ ᠰᠠᠢ ᠪᠣᠭᠤᠮᠲᠠ ᠪᠠᠷ | ᠥᠩᠭᠡᠷᠡᠵᠦ᠂ ᠠᠳᠡ ᠬᠤᠶᠠᠷ ᠵᠢᠯ ᠰᠠᠭᠤᠵᠠᠢ᠃ |