ᠪᠠᠶᠠᠯᠢᠭ ᠨᠠᠭᠤᠷᠲᠣ ᠨᠣᠲᠤᠭ   -   ᠠᠶᠠᠯᠠᠯ ᠵᠢᠭᠤᠯᠴᠢᠯᠠᠯ

ᠪᠣᠷᠣᠲᠣᠬᠣᠢ᠎ᠶᠢᠨ ᠤᠲᠤᠮᠠᠯ ᠵᠢᠭᠠᠰᠤ

ᠨᠡᠶ᠋ᠢᠲᠡᠯᠡᠭᠰᠡᠨ ᠴᠠᠭ᠄   2025-09-25

ᠪᠣᠷᠣᠲᠣᠬᠣᠢ᠎ᠶᠢᠨ ᠤᠲᠤᠮᠠᠯ ᠵᠢᠭᠠᠰᠤ ᠪᠣᠯ ᠥᠪᠥᠷ ᠮᠣᠩᠭᠣᠯ᠎ᠤᠨ ᠪᠠᠶᠠᠨᠨᠠᠭᠤᠷ᠎ᠤᠨ ᠳ᠋ᠧᠩᠺᠧᠦ ᠱᠢᠶᠠᠨ᠎ᠤ ᠣᠨᠴᠠᠯᠢᠭᠲᠤ ᠠᠮᠲᠠᠲᠤ ᠢᠳᠡᠭᠡᠨ ᠮᠥᠨ᠂ ᠥᠪᠡᠷᠮᠢᠴᠡ ᠦᠨᠦᠷ ᠠᠮᠲᠠ ᠪᠠ ᠬᠢᠬᠦ ᠤᠷ᠎ᠠ ᠮᠡᠷᠭᠡᠵᠢᠯ᠎ᠲᠡᠢ ᠶᠤᠮ᠃ 

 ᠶᠡᠷᠦ᠎ᠳᠡᠭᠡᠨ ᠬᠠᠲᠤᠨ ᠭᠣᠣᠯ᠎ᠤᠨ ᠮᠥᠷᠭᠥ ᠵᠢᠭᠠᠰᠤ᠎ᠶᠢ ᠭᠣᠣᠯ ᠲᠦᠭᠦᠬᠡᠢ ᠮᠠᠲ᠋ᠧᠷᠢᠶᠠᠯ ᠪᠣᠯᠭᠠᠵᠤ᠂ ᠪᠠᠶᠠᠨᠨᠠᠭᠤᠷ ᠬᠣᠲᠠ᠎ᠶᠢᠨ ᠳ᠋ᠧᠩᠺᠧᠦ ᠱᠢᠶᠠᠨ ᠎ᠤ ᠬᠠᠲᠤᠨ ᠭᠣᠣᠯ᠎ᠤᠨ ᠮᠥᠷᠭᠥ ᠵᠢᠭᠠᠰᠤ᠎ᠶᠢᠨ ᠶᠠᠰᠤ ᠴᠢᠨᠠᠷ  ᠰᠠᠢᠨ  ᠪᠠᠢᠵᠤ᠂ᠡᠩᠬᠡ ᠠᠮᠤᠭᠤᠯᠠᠩ ᠬᠠᠭᠠᠨ᠎ᠠᠴᠠ 《ᠬᠠᠲᠤᠨ ᠭᠣᠣᠯ᠎ᠤᠨ ᠠᠯᠪᠠ ᠵᠢᠭᠠᠰᠤ》 ᠬᠡᠱᠢᠭ ᠬᠦᠷᠳᠡᠵᠠᠢ ᠂ ᠮᠢᠬ᠎ᠠ᠎ᠨᠢ ᠰᠣᠷᠭᠣᠭ᠂ ᠦᠨᠦᠷ ᠠᠮᠲᠠ ᠦᠭᠡᠢ  ᠪᠠᠢᠵᠤ᠂ ᠡᠨᠡ ᠪᠤᠯ ᠪᠣᠷᠣᠲᠣᠬᠣᠢ ᠵᠢᠨ ᠵᠢᠭ᠋ᠠᠰᠤ ᠤᠲᠤᠬᠤ ᠬᠠᠮᠤᠭ ᠰᠠᠶ᠋ᠢᠨ ᠰᠤᠩᠭᠤᠯᠳᠠ ᠶᠤᠮ᠃

 ᠪᠣᠷᠣᠲᠣᠬᠣᠢ ᠣᠲᠣᠬᠤ ᠵᠢᠭᠠᠰᠤ ᠤᠷᠢᠳᠠᠪᠠᠷ ᠵᠢᠭᠠᠰᠤ᠎ᠶᠢ ᠣᠨᠴᠣᠭᠣᠢᠯᠠᠨ ᠳᠠᠪᠤᠰᠤᠯᠠᠵᠤ ᠳᠠᠷᠠᠰᠤ ᠬᠢᠬᠦ᠎ᠳᠦ ᠪᠠᠭᠰᠤᠷᠭ᠎ᠠ ᠠᠷᠢᠬᠢ ᠵᠡᠷᠭᠡ ᠠᠮᠲᠠ ᠣᠷᠣᠭᠤᠯᠬᠤ ᠡᠳ᠋᠎ᠢᠶᠡᠨ ᠬᠢᠵᠦ ᠴᠢᠪᠠᠭ᠎ᠠ ᠮᠣᠳᠣ᠎ᠪᠠᠷ ᠤᠲᠤᠵᠤ ᠪᠣᠯᠤᠨ᠎ᠠ᠃ ᠤᠲᠤᠬᠤ ᠶᠠᠪᠤᠴᠠ᠎ᠳᠤ ᠴᠢᠪᠠᠭᠠᠨ ᠮᠣᠳᠣᠨ᠎ᠤ ᠱᠢᠲᠠᠭᠠᠭᠴᠢ ᠤᠲᠤᠭ᠎ᠠ᠎ᠠᠴᠠ ᠪᠣᠯᠵᠤ ᠵᠢᠭᠠᠰᠤᠨ᠎ᠤ ᠮᠢᠬ᠎ᠠ᠎ᠨᠢ ᠣᠨᠴᠠᠭᠠᠢ ᠠᠩᠬᠢᠯᠤᠮ᠎ᠠ ᠦᠨᠦᠷ᠎ᠲᠡᠢ ᠪᠣᠯᠵᠤ᠂ ᠵᠢᠭᠠᠰᠤᠨ᠎ᠤ ᠮᠢᠬ᠎ᠠ᠎ᠨᠢ ᠠᠯᠲᠠᠨ ᠱᠢᠷᠭᠠᠯ ᠲᠣᠰᠣ᠎ᠶᠢ ᠭᠢᠯᠠᠯᠵᠠᠭᠤᠯᠵᠤ᠂ ᠭᠠᠳᠠᠷ ᠱᠢᠲᠠᠬᠤᠨ ᠳᠣᠲᠣᠷ᠎ᠠ᠎ᠨᠢ ᠵᠥᠭᠡᠯᠡᠨ ᠪᠤᠯᠪᠠᠷᠠᠢ ᠪᠠᠢᠳᠠᠭ᠃ 

 ᠪᠣᠷᠣᠲᠣᠬᠣᠢ᠎ᠳᠤ ᠤᠲᠤᠭᠰᠠᠨ ᠵᠢᠭᠠᠰᠤ᠎ᠶᠢ ᠭᠠᠳᠠᠷ ᠳᠦᠷᠰᠦ ᠎ᠨᠢ ᠪᠦᠷᠢᠨ ᠪᠦᠲᠦᠨ ᠪᠠᠢᠵᠤ᠂ ᠠᠮᠲᠠ᠎ᠨᠢ ᠴᠢᠩᠭ᠎ᠠ᠂ ᠠᠮᠲᠠ᠎ᠨᠢ ᠠᠮᠲᠠᠲᠠᠢ᠂ ᠠᠮᠲᠠ᠎ᠨᠢ ᠵᠤᠵᠠᠭᠠᠨ᠂ ᠥᠪᠡᠷᠮᠢᠴᠡ ᠣᠨᠴᠠᠯᠢᠭ᠎ᠲᠠᠢ ᠤᠲᠤᠬᠤ ᠦᠨᠦᠷ᠎ᠲᠡᠢ᠂ ᠬᠥᠮᠦᠰ᠎ᠢ ᠪᠣᠳᠣᠬᠤ ᠲᠤᠲᠤᠮ ᠰᠠᠢᠬᠠᠨ  ᠰᠠᠨᠠᠭᠳᠠᠵᠤ ᠪᠠᠢᠳᠠᠭ᠃

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ