ᠪᠠᠶᠠᠯᠢᠭ ᠨᠠᠭᠤᠷᠲᠣ ᠨᠣᠲᠤᠭ   -   ᠠᠶᠠᠯᠠᠯ ᠵᠢᠭᠤᠯᠴᠢᠯᠠᠯ

ᠪᠣᠷᠣᠲᠣᠬᠤᠶ ᠵᠢᠨ ᠤᠲᠤᠮᠠᠯ ᠵᠢᠭ᠋ᠠᠰᠤ

ᠨᠡᠶ᠋ᠢᠲᠡᠯᠡᠭᠰᠡᠨ ᠴᠠᠭ᠄   2025-08-22

ᠪᠣᠷᠣᠲᠣᠬᠤᠶ ᠵᠢᠨ ᠤᠲᠤᠮᠠᠯ ᠵᠢᠭ᠋ᠠᠰᠤ ᠪᠣᠯ ᠥᠪᠥᠷ ᠮᠣᠩᠭᠤᠯ᠎ᠤᠨ ᠪᠠᠶᠠᠨᠨᠠᠭᠤᠷ᠎ᠤᠨ ᠳ᠋ᠧᠩᠺᠸᠦ ᠰᠢᠶᠠᠨ᠎ᠤ ᠣᠨᠴᠠᠯᠢᠭᠲᠤ ᠠᠮᠲᠠᠲᠤ ᠢᠳᠡᠭᠡᠨ ᠮᠥᠨ᠂ ᠥᠪᠡᠷᠮᠢᠴᠡ ᠦᠨᠦᠷ ᠠᠮᠲᠠ ᠪᠠ ᠬᠢᠬᠦ ᠤᠷ᠎ᠠ ᠮᠡᠷᠭᠡᠵᠢᠯ᠎ᠲᠠᠢ ᠶᠤᠮ᠃ᠶᠡᠷᠦ᠎ᠳᠡᠭᠡᠨ ᠬᠠᠲᠤᠨ ᠭᠣᠣᠯ᠎ᠤᠨ ᠮᠥᠷᠭᠥ ᠵᠢᠭ᠋ᠠᠰᠤ ᠵᠢ ᠭᠣᠣᠯ ᠲᠦᠭᠦᠬᠡᠢ ᠮᠠᠲ᠋ᠧᠷᠢᠶᠠᠯ ᠪᠣᠯᠭ᠋ᠠᠵᠤ᠂ ᠪᠠᠶᠠᠨᠨᠠᠭᠤᠷ ᠬᠣᠲᠠ ᠵᠢᠨ ᠳ᠋ᠸᠠᠭᠺᠸᠤ ᠱ᠌ᠢᠶᠠᠨ ᠵᠢᠨ ᠬᠠᠲᠤᠨ ᠭᠣᠣᠯ᠎ᠤᠨ ᠮᠥᠷᠭᠥ ᠵᠢᠭ᠋ᠠᠰᠤ ᠵᠢᠨ ᠶᠠᠰᠤ ᠴᠢᠨᠠᠷ ᠰᠠᠢ᠍ᠨ ᠪᠠᠢ᠍ᠵᠤ᠂ ᠡᠩᠬᠡ ᠠᠮᠤᠭᠤᠯᠠᠩ ᠬᠠᠭ᠋ᠠᠨ《ᠬᠠᠲᠤᠨ ᠭᠣᠣᠯ᠎ᠤᠨ ᠡᠷᠭᠦᠭ ᠴᠢ ᠵᠢᠭ᠋ᠠᠰᠤ》 ᠭᠡᠵᠦ ᠰᠣᠶᠣᠷ ᠬᠠᠵᠤ᠂ ᠮᠢᠬ᠎ᠠ᠎ᠨᠢ ᠰᠣᠷᠭᠣᠭ᠂ ᠦᠨᠦᠷ ᠠᠮᠲᠠ ᠦᠭᠡᠢ᠂ ᠦᠨᠦᠷ ᠠᠮᠲᠠ ᠦᠭᠡᠢ ᠪᠠᠢ᠍ᠵᠤ᠂ ᠪᠤᠷ ᠴᠠᠭ ᠵᠶ᠋ᠠᠷ ᠤᠲᠤᠭᠰᠠᠨ ᠵᠢᠭ᠋ᠠᠰᠤ ᠵᠢᠨ ᠱ᠌ᠢᠯᠢᠳᠡᠭ ᠰᠣᠩᠭᠣᠯᠲᠠ ᠪᠣᠯᠤᠨ᠎ᠠ᠃ᠪᠣᠷᠣ ᠲᠣᠬᠣᠶ ᠣᠲᠣᠬᠤ ᠵᠢᠭ᠋ᠠᠰᠤ ᠤᠷᠢᠳᠠᠪᠠᠷ ᠵᠢᠭ᠋ᠠᠰᠤ ᠵᠢ ᠣᠨᠴᠣᠭᠣᠶ᠋ᠢᠯᠠᠨ ᠳᠠᠪᠤᠰᠤᠯᠠᠵᠤ ᠳᠠᠷᠠᠰᠤ ᠬᠢᠬᠦ᠎ᠳᠤ ᠪᠠᠭᠰᠤᠷᠭ᠎ᠠ ᠠᠷᠢᠬᠢ ᠵᠡᠷᠭᠡ ᠠᠮᠲᠠ ᠣᠷᠣᠭᠤᠯᠬᠤ ᠡᠳ᠋ ᠵᠶ᠋ᠡᠨ ᠬᠢᠵᠦ ᠴᠢᠪᠠᠭ᠎ᠠ ᠮᠣᠳᠣ᠎ᠪᠠᠷ ᠤᠲᠤᠵᠤ ᠪᠣᠯᠣᠨ᠎ᠠ᠃ ᠤᠲᠤᠬᠤ ᠶᠠᠪᠤᠴᠠ᠎ᠳᠤ ᠴᠢᠪᠠᠭ᠋ᠠᠨ ᠮᠣᠳᠣᠨ᠎ᠤ ᠰᠢᠲᠠᠭ᠋ᠠᠭᠴᠢ ᠤᠲᠤᠭ᠎ᠠ᠎ᠠᠴᠠ ᠪᠣᠯᠵᠤ ᠵᠢᠭ᠋ᠠᠰᠤᠨ᠎ᠤ ᠮᠢᠬ᠎ᠠ᠎ᠨᠢ ᠣᠨᠴᠠᠭ᠋ᠠᠶ ᠠᠩᠬᠢᠯᠤᠮ᠎ᠠ ᠦᠨᠦᠷ᠎ᠲᠠᠢ ᠪᠣᠯᠵᠤ᠂ ᠵᠢᠭ᠋ᠠᠰᠤᠨ᠎ᠤ ᠮᠢᠬ᠎ᠠ᠎ᠨᠢ ᠠᠯᠲᠠᠨ ᠰᠢᠷᠭ᠋ᠠᠯ ᠲᠣᠰᠣ ᠵᠢ ᠭᠢᠯᠠᠯᠵᠠᠭᠤᠯᠵᠤ᠂ ᠭᠠᠳᠠᠷ ᠰᠢᠲᠠᠬᠤᠨ ᠳᠣᠲᠣᠷ᠎ᠠ᠎ᠨᠢ ᠵᠥᠭᠡᠯᠡᠨ ᠪᠤᠯᠪᠠᠷᠠᠢ ᠪᠠᠶ᠋ᠢᠳᠠᠭ᠃ᠪᠣᠷᠣᠲᠣᠬᠤᠶ᠎ᠳᠤ ᠤᠲᠤᠭᠰᠠᠨ ᠵᠢᠭ᠋ᠠᠰᠤ ᠵᠢ ᠭᠠᠳᠠᠷ ᠳᠦᠷᠰᠦ ᠎ᠨᠢ ᠪᠦᠷᠢᠨ ᠪᠦᠲᠦᠨ ᠪᠠᠶ᠋ᠢᠵᠤ᠂ ᠠᠮᠲᠠ᠎ᠨᠢ ᠴᠢᠩᠭ᠎ᠠ᠂ ᠠᠮᠲᠠ᠎ᠨᠢ ᠠᠮᠲᠠᠲᠠᠢ᠂ ᠠᠮᠲᠠ᠎ᠨᠢ ᠵᠤᠵᠠᠭ᠋ᠠᠨ᠂ ᠥᠪᠡᠷᠮᠢᠴᠡ ᠣᠨᠴᠠᠯᠢᠭ᠎ᠲᠠᠢ ᠤᠲᠤᠬᠤ ᠦᠨᠦᠷ᠎ᠲᠠᠢ᠂ ᠬᠥᠮᠦᠰ᠎ᠤᠨ ᠠᠮᠲᠠ᠎ᠨᠢ ᠬᠢᠵᠠᠭ᠋ᠠᠯᠠᠰᠢ ᠦᠭᠡᠢ ᠪᠠᠶ᠋ᠢᠳᠠᠭ᠃

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ