ᠪᠠᠶᠠᠯᠢᠭ ᠨᠠᠭᠤᠷᠲᠣ ᠨᠣᠲᠤᠭ   -   ᠠᠶᠠᠯᠠᠯ ᠵᠢᠭᠤᠯᠴᠢᠯᠠᠯ

ᠬᠠᠷᠠᠭ᠋ᠠᠨ ᠰᠡᠷᠡᠯ᠎ᠤᠨ ᠪᠠᠶᠠᠨᠨᠠᠭᠤᠷ᠂ ᠲᠤᠶ᠋ᠢᠯ᠎ᠤᠨ ᠲᠤᠶᠠᠭ᠎ᠠ

ᠨᠡᠶ᠋ᠢᠲᠡᠯᠡᠭᠰᠡᠨ ᠴᠠᠭ᠄   2024-05-17

     11᠎ᠤ ᠡᠳᠦᠷ᠂ ᠭᠠᠵᠠᠷ᠎ᠤᠨ ᠰᠣᠷᠢᠨᠵᠢᠨ ᠳᠣᠭᠰᠢᠷᠠᠯ᠎ᠤᠨ ᠨᠥᠯᠥᠭᠡ᠎ᠪᠠᠷ᠂ ᠤᠷᠠᠳ᠎ᠤᠨ ᠬᠤᠶ᠋ᠢᠲᠤ ᠬᠤᠰᠢᠭᠤᠨ᠎ᠤ ᠴᠣᠭᠥᠨᠳᠥᠷ ᠪᠠᠯᠭ᠋ᠠᠰᠤᠨ᠎ᠳᠤ ᠬᠤᠪᠣᠷ ᠲᠣᠬᠢᠶᠠᠯᠳᠤᠬᠤ ᠲᠤᠶ᠋ᠢᠯ᠎ᠤᠨ ᠲᠤᠶᠠᠭ᠎ᠠ ᠢᠯᠡᠷᠡᠪᠡ᠃ ᠰᠦᠨᠢ ᠵᠢᠨ ᠣᠭᠲᠠᠷᠭᠤᠢ᠎ᠳᠤ ᠴᠣᠷᠭᠢᠯ ᠭᠡᠷᠡᠯ ᠪᠠᠭ᠋ᠠᠨ᠎ᠠ ᠣᠳᠣᠨ ᠣᠭᠲᠠᠷᠭᠤᠢ ᠵᠢ ᠳᠠᠭ᠋ᠠᠵᠤ ᠲᠠᠰᠤᠷᠠᠯᠲᠠ ᠦᠭᠡᠢ ᠬᠤᠪᠢᠷᠠᠵᠤ ᠵᠡᠭᠦᠳᠦ ᠵᠡᠷᠭᠡᠯᠭᠡᠨ ᠮᠡᠲᠦ ᠦᠵᠡᠭᠳᠡᠨ᠎ᠡ᠃

      ᠲᠦᠢ᠍ᠯ᠎ᠤᠨ ᠲᠤᠶᠠᠭ᠎ᠠ ᠪᠤᠯ ᠦᠨᠡᠨ᠎ᠳᠡᠭᠡᠨ ᠳᠡᠯᠡᠬᠡᠶ ᠵᠢᠨ ᠰᠤᠷᠢᠨᠵᠢᠨ ᠳᠣᠭᠰᠢᠷᠠᠯ᠎ᠤᠨ ᠳᠠᠭ᠋ᠠᠯᠲᠠ ᠪᠦᠲᠦᠭᠡᠭᠳᠡᠬᠦᠨ ᠮᠥᠨ᠃ ᠨᠠᠷᠠᠨ᠎ᠤ ᠲᠢᠲᠢᠮ ᠪᠣᠳᠠᠰ᠎ᠨᠢ ᠨᠠᠷᠠᠨ᠎ᠤ ᠡᠨᠧᠷᠭᠢ ᠵᠢ ᠠᠪᠴᠤ ᠳᠡᠯᠡᠬᠡᠢ ᠵᠢᠨ ᠪᠥᠮᠪᠥᠷᠴᠡᠭ᠎ᠲᠠᠢ ᠤᠴᠠᠷᠠᠭᠰᠠᠨ᠎ᠤ ᠳᠠᠷᠠᠭ᠎ᠠ᠂ ᠲᠡᠭᠦᠨ᠎ᠤ ᠳᠣᠲᠣᠷᠠᠬᠢ ᠨᠢᠭᠡ ᠬᠡᠰᠡᠭ᠎ᠨᠢ ᠳᠡᠯᠡᠬᠡᠢ ᠵᠢᠨ ᠪᠥᠮᠪᠥᠷᠴᠡᠭ᠎ᠤᠨ ᠰᠣᠷᠢᠨᠵᠢᠨ ᠣᠷᠣᠨ᠎ᠠᠴᠠ ᠬᠤᠶᠠᠷ ᠲᠤᠶ᠋ᠢᠯ ᠲᠡᠰᠢ ᠣᠷᠣᠬᠤ ᠵᠢᠨ ᠬᠠᠮᠲᠤ᠂ ᠭᠠᠵᠠᠷ᠎ᠤᠨ ᠭᠠᠳᠠᠷᠭᠤ᠎ᠳᠤ 100 - 400 ᠮᠧᠳ᠋ᠷ ᠥᠨᠳᠥᠷ ᠠᠭ᠋ᠠᠷ ᠮᠠᠨᠳᠠᠯ᠎ᠤᠨ ᠳᠠᠪᠬᠤᠷᠭ᠎ᠠ᠎ᠲᠠᠢ ᠮᠥᠷᠭᠦᠯᠳᠦᠵᠦ᠂ ᠮᠥᠷᠭᠦᠯᠳᠦᠬᠦ ᠶᠠᠪᠤᠴᠠ᠎ᠳᠤ ᠡᠨᠧᠷᠭᠢ ᠵᠢᠨ ᠰᠣᠯᠢᠯᠴᠠᠭ᠎ᠠ ᠬᠢᠨ᠎ᠡ᠃ ᠡᠳᠡᠭᠡᠷ ᠡᠨᠧᠷᠭᠢ᠎ᠨᠢ ᠠᠭ᠋ᠠᠷ ᠮᠠᠨᠳᠠᠯ᠎ᠤᠨ ᠠᠲ᠋ᠤᠮ ᠪᠠ ᠮᠤᠯᠧᠺᠦ᠋ᠯ᠎ᠤᠨ ᠭᠠᠳᠠᠨᠠᠬᠢ ᠡᠯᠧᠺᠳ᠋ᠷᠤᠨ ᠰᠢᠩᠭᠡᠭᠡᠯᠲᠡ ᠵᠢᠨ ᠳᠠᠷᠠᠭ᠎ᠠ ᠲᠦ᠍ᠷᠭᠡᠨ ᠢᠯᠭ᠋ᠠᠷᠠᠵᠤ᠂ ᠲᠠᠯᠪᠢᠵᠤ ᠭᠠᠷᠬᠠᠭᠰᠠᠨ ᠤᠢ᠍ᠷ᠎ᠠ ᠳ᠋ᠦ᠍ᠩ᠎ᠨᠢ ᠲᠤᠶ᠋ᠢᠯ᠎ᠤᠨ ᠲᠤᠶᠠᠭ᠎ᠠ ᠮᠥᠨ᠃

QQ图片20240517213243.jpg


QQ图片20240517213247.jpg 

ᠢᠷᠡᠯᠲᠡ᠄ ᠪᠠᠶᠠᠨᠨᠠᠭᠤᠷ᠎ᠤᠨ ᠰᠣᠨᠢᠨ ᠮᠡᠳᠡᠭᠡᠨ᠎ᠤ ᠰᠦᠯᠵᠢᠶ᠎ᠡ