ᠮᠣᠩᠭᠣᠯᠴᠤᠳᠤᠨ ᠬᠡᠮᠨᠡᠭᠦᠷᠤᠨ ᠰᠣᠶᠣᠯ
ᠨᠡᠶ᠋ᠢᠲᠡᠯᠡᠭᠰᠡᠨ ᠴᠠᠭ᠄ 2025-11-12
ᠡᠷᠲᠡᠨᠤ ᠦᠶᠡᠳᠤ ᠬᠥᠮᠥᠨ ᠲᠥᠷᠥᠯᠬᠢᠲᠡᠨ ᠴᠠᠭᠤᠨ ᠬᠡᠮᠵᠢᠭᠦᠷ᠂ ᠤᠷᠳᠤ ᠵᠢᠨ ᠬᠡᠮᠵᠢᠭᠦᠷ᠂ ᠶᠡᠬᠡ ᠪᠠᠭᠠ ᠵᠢᠨ ᠬᠡᠮᠨᠡᠭᠦᠷ ᠵᠡᠷᠭᠡ ᠪᠠᠭ᠋ᠠᠵᠢ ᠬᠡᠷᠡᠭᠰᠡᠯᠢ ᠡᠭᠦᠳᠴᠦ ᠭᠠᠷᠭ᠋ᠠᠭ᠋ᠠᠳᠤᠢ ᠪᠠᠢ᠌ᠭᠰᠠᠨ ᠦᠶᠡᠳᠤ ᠤᠬᠠᠭ᠋ᠠᠨᠲᠤ ᠳᠡᠭᠡᠳᠦᠰ ᠮᠢᠨᠢ ᠪᠠᠢ᠌ᠭ᠋ᠠᠯᠢ ᠣᠷᠴᠢᠨᠤ ᠬᠤᠪᠢᠷᠠᠯᠲᠠ᠂ ᠠᠮᠢᠳᠡᠡ ᠵᠢᠭᠦᠷᠲᠡᠨᠤ ᠲᠠᠭᠤ ᠳᠦᠷᠰᠦ᠂ ᠪᠡᠶᠡ ᠵᠢᠨ ᠡᠷᠬᠡᠲᠡᠨ ᠁ ᠵᠡᠷᠭᠡ ᠵᠢ ᠨᠠᠷᠢᠨ ᠭᠢᠷᠠᠬᠠᠢ᠌ᠯᠠᠵᠤ ᠠᠰᠢᠭᠯᠠᠨ ᠴᠠᠭ ᠬᠤᠭᠤᠴᠠᠭᠠ᠂ ᠤᠷᠳᠤ ᠵᠢᠨ ᠬᠡᠮᠵᠢᠶᠡ᠂ ᠶᠡᠬᠡ ᠪᠠᠭᠠ ᠵᠢᠨ ᠬᠡᠮᠵᠢᠶᠡ ᠵᠡᠷᠭᠡ ᠵᠢ ᠬᠡᠮᠵᠢᠶᠡᠯᠡᠨ ᠲᠣᠭᠲᠠᠭ᠋ᠠᠳᠠᠭ ᠵᠠᠩ ᠦᠢ᠍ᠯᠡ ᠵᠢ ᠡᠭᠦᠳᠦᠨ ᠪᠦᠲᠦᠭᠡᠭᠰᠡᠨ ᠪᠠᠢ᠌ᠨᠠ᠃ ᠡᠨᠡ ᠬᠦ᠌ ᠵᠠᠩ ᠦᠢ᠍ᠯᠡᠨᠢ ᠲᠤᠬᠠᠢ ᠵᠢᠨ ᠦᠶᠡ ᠳᠤ ᠬᠥᠮᠥᠰᠤᠨ ᠦᠢ᠍ᠯᠡᠳᠪᠦᠷᠢᠯᠡᠯ ᠠᠮᠢᠳᠤᠷᠠᠯᠳᠤ ᠶᠡᠬᠡ ᠲᠥᠬᠦᠮ ᠦᠵᠡᠭᠦᠯᠦᠭᠰᠡᠨ ᠵᠶ᠋ᠠᠷ ᠥᠯᠤ ᠪᠠᠷᠠᠮ ᠮᠣᠩᠭᠣᠯ ᠬᠡᠯᠡᠨᠤ ᠦᠭᠡᠰᠤᠨ ᠰᠠᠩᠢ ᠪᠠᠶᠠᠯᠢᠭᠵᠢᠭᠤᠯᠵᠤ᠂ ᠣᠳᠣᠬᠠᠨᠳᠤ ᠬᠥᠷᠳᠡᠯᠠ ᠤᠯᠠᠮᠵᠢᠯᠠᠭᠳᠠᠨ ᠬᠡᠷᠡᠭᠯᠡᠭᠳᠡᠭᠰᠡᠭᠡᠷ ᠪᠠᠢ᠌ᠨᠠ᠃
ᠨᠢᠭᠡ᠂ ᠪᠡᠶᠡ ᠵᠢᠨ ᠡᠷᠬᠡᠲᠡᠨ ᠵᠶ᠋ᠠᠷ ᠵᠶ᠋ᠠᠨ ᠬᠡᠮᠵᠢᠶᠡᠯᠡᠬᠦ ᠬᠡᠮᠨᠡᠭᠦᠷ ᠦᠭᠡᠰ᠄
1᠂ ᠠᠯᠳᠠ᠄ ᠲᠣᠮᠣᠴᠤᠤᠯᠤᠨ ᠪᠠᠷᠠᠭᠤᠨ ᠭᠠᠷᠤᠨ ᠳᠤᠮᠳᠠ ᠬᠤᠷᠤᠭᠤᠨᠤ ᠦᠵᠦᠭᠦᠷᠠᠴᠠ ᠵᠡᠭᠦᠨ ᠭᠠᠷᠤᠨ ᠳᠤᠮᠳᠠ ᠬᠤᠷᠤᠭᠤᠨᠤ ᠦᠵᠦᠭᠦᠷ ᠬᠥᠷᠳᠡᠯᠠ ᠳᠡᠯᠡᠭᠰᠡᠨ ᠵᠠᠢ ᠵᠢ ᠠᠯᠳᠠ ᠭᠡᠨᠡ᠃ ᠨᠢᠭᠡ ᠠᠯᠳᠠᠨᠢ ᠪᠠᠷᠤᠭ 5 ᠲᠣᠬᠣᠢ ᠣᠷᠴᠢᠮ ᠪᠠᠢ᠌ᠳᠠᠭ᠃
2᠂ ᠲᠠᠯᠢᠮ᠄ ᠲᠣᠮᠣᠴᠤᠤᠯᠤᠨ ᠪᠡᠶᠡ ᠵᠢᠨ ᠭᠣᠣᠯ ᠳᠤᠮᠳᠠᠠᠴᠠ ᠨᠢᠭᠡ ᠭᠠᠷᠤᠨ ᠳᠤᠮᠳᠠ ᠬᠤᠷᠤᠭᠤᠨᠤ ᠦᠵᠦᠭᠦᠷ ᠬᠦᠷᠬᠦ ᠵᠠᠢ ᠵᠢ ᠳᠠᠯᠢᠮ ᠭᠡᠨᠡ᠃ ᠬᠠᠭ᠋ᠠᠰ ᠠᠯᠳᠠᠲᠠᠢ ᠲᠡᠩᠴᠡᠳᠡᠭ᠃
3᠂ ᠲᠣᠬᠣᠢ᠄ ᠲᠣᠮᠣᠴᠤᠤᠯᠤᠨ ᠲᠣᠬᠣᠢ ᠵᠢᠨ ᠦᠵᠦᠭᠦᠷᠠᠴᠠ ᠨᠢᠳᠤᠷᠭ᠋ᠠᠨᠤ ᠦᠵᠦᠭᠦᠷ ᠬᠦᠷᠬᠦ ᠵᠠᠢ ᠵᠢ ᠲᠣᠬᠣᠢ ᠭᠡᠨᠡ᠃
4᠂ ᠲᠥᠭᠡ᠄ ᠭᠠᠷᠤᠨ ᠳᠤᠮᠳᠠ ᠬᠤᠷᠤᠭᠤ ᠪᠣᠯᠣᠨ ᠡᠷᠡᠬᠡᠢ ᠬᠤᠷᠤᠭᠤᠨᠤ ᠳᠡᠯᠡᠭᠰᠡᠨ ᠵᠠᠢ ᠵᠢ ᠲᠥᠭᠡ ᠭᠡᠨᠡ᠃
5᠂ ᠰᠥᠭᠥᠮ᠄ ᠭᠠᠷᠤᠨ ᠬᠣᠮᠣᠬᠠᠢ ᠬᠤᠷᠤᠭᠤ ᠪᠣᠯᠣᠨ ᠡᠷᠡᠬᠡᠢ ᠬᠤᠷᠤᠭᠤᠨᠤ ᠳᠡᠯᠡᠭᠰᠡᠨ ᠵᠠᠢ ᠵᠢ ᠰᠥᠭᠥᠮ ᠭᠡᠨᠡ᠃
6᠂ ᠮᠤᠬᠤᠷ ᠰᠥᠭᠥᠮ᠄ ᠭᠠᠷᠤᠨ ᠬᠣᠮᠣᠬᠠᠢ ᠬᠤᠷᠤᠭᠤᠨᠤ ᠳᠤᠮᠳᠠ ᠦᠶᠡ ᠪᠣᠯᠣᠨ ᠡᠷᠡᠬᠡᠢ ᠬᠤᠷᠤᠭᠤᠨᠤ ᠳᠡᠯᠡᠭᠰᠡᠨ ᠵᠠᠢ ᠵᠢ ᠮᠤᠬᠤᠷ ᠰᠥᠭᠥᠮ ᠭᠡᠨᠡ᠃
7᠂ ᠢᠮᠠᠬᠤ᠄ ᠭᠠᠷᠤᠨ ᠳᠤᠮᠳᠠ ᠬᠤᠷᠤᠭᠤᠨᠤ ᠳᠤᠮᠳᠠ ᠦᠶᠡ ᠵᠢᠨ ᠤᠷᠲᠤ ᠵᠢ ᠢᠮᠠᠬᠤ ᠭᠡᠨᠡ᠃
8᠂ ᠴᠢᠮᠬᠢ᠄ ᠡᠷᠡᠬᠡᠢ ᠬᠤᠷᠤᠭᠤ ᠪᠣᠯᠣᠨ ᠬᠣᠮᠣᠬᠠᠢ ᠬᠤᠷᠤᠭᠤᠪᠠᠷ ᠵᠶ᠋ᠠᠨ ᠴᠢᠮᠬᠢᠵᠦ ᠠᠪᠤᠭᠰᠠᠨᠢ ᠴᠢᠮᠬᠢ ᠭᠡᠨᠡ᠃ ᠨᠢᠭᠡ ᠴᠢᠮᠬᠢ ᠭᠤᠯᠢᠷ᠂ ᠨᠢᠭᠡ ᠴᠢᠮᠬᠢ ᠠᠮᠤ ᠭᠡᠬᠦ ᠮᠡᠲᠦ᠃
9᠂ ᠠᠳᠬᠤ᠄ ᠨᠢᠭᠡ ᠭᠠᠷ ᠵᠶ᠋ᠠᠷ ᠵᠶ᠋ᠠᠨ ᠤᠳᠬᠤᠵᠤ ᠠᠪᠤᠭᠰᠠᠨᠢ ᠠᠳᠬᠤ ᠭᠡᠨᠡ᠃ ᠨᠢᠭᠡ ᠠᠳᠬᠤ ᠪᠤᠳᠠᠭᠠ᠂ ᠨᠢᠭᠡ ᠠᠳᠬᠤ ᠭᠤᠯᠢᠷ ᠭᠡᠬᠦ ᠮᠡᠲᠦ᠃
10᠂ ᠪᠢᠲᠡᠭᠦᠦ᠄ ᠬᠣᠶᠠᠷ ᠭᠠᠷ ᠵᠶ᠋ᠠᠨ ᠨᠡᠢ᠌ᠯᠡᠭᠦᠯᠵᠦ ᠪᠠᠢ᠌ᠭ᠋ᠠᠳ ᠤᠳᠬᠤᠵᠤ ᠠᠪᠤᠭᠰᠠᠨᠢ ᠨᠢᠭᠡ ᠪᠢᠲᠡᠭᠦᠦ ᠭᠡᠨᠡ᠃ ᠨᠢᠭᠡ ᠪᠢᠲᠡᠭᠦᠦ ᠠᠮᠤ ᠭᠡᠬᠦ ᠮᠡᠲᠦ᠃
11᠂ ᠲᠡᠪᠡᠷᠢ᠄ ᠬᠣᠶᠠᠷ ᠭᠠᠷ ᠵᠶ᠋ᠠᠷ ᠵᠶ᠋ᠠᠨ ᠲᠡᠪᠡᠷᠢᠵᠦ ᠠᠪᠤᠭᠰᠠᠨᠢ ᠲᠡᠪᠡᠷᠢ ᠭᠡᠨᠡ᠃ ᠨᠢᠭᠡ ᠲᠡᠪᠡᠷᠢ ᠲᠦᠯᠡᠭᠡ᠂ ᠲᠡᠪᠡᠷᠢ ᠪᠦᠳᠦᠭᠦᠨ ᠮᠣᠳᠣ ᠭᠡᠬᠦ ᠮᠡᠲᠦ᠃
12᠂ ᠨᠢᠭᠡ ᠡᠮᠬᠦ᠂ ᠨᠢᠭᠡ ᠣᠭᠣᠴᠢ᠄ ᠠᠮᠠ ᠳᠦᠭᠦᠷᠲᠡᠯᠡ ᠡᠮᠬᠦᠭᠰᠡᠨ ᠪᠤᠶᠤ ᠣᠭᠣᠴᠢᠭᠰᠠᠨᠢ ᠨᠢᠭᠡ ᠡᠮᠬᠦ ᠪᠤᠶᠤ ᠨᠢᠭᠡ ᠣᠭᠣᠴᠢ ᠭᠡᠨᠡ᠃ ᠨᠢᠭᠡ ᠡᠮᠬᠦ ᠪᠤᠳᠠᠭᠠ᠂ ᠨᠢᠭᠡ ᠣᠭᠣᠴᠢ ᠤᠰᠤ ᠭᠡᠬᠦ ᠮᠡᠲᠦ᠃
13᠂ ᠠᠯᠠᠭ᠋ᠠᠨ ᠬᠢᠷᠢ᠂ ᠨᠢᠳᠦᠨ ᠴᠢᠨᠡᠭᠡᠨ᠄ ᠲᠤᠩ ᠵᠢᠭ᠋ᠠᠬᠠᠨ ᠶᠠᠭᠤᠮᠠ ᠵᠢ ᠬᠡᠯᠡᠨᠡ᠃ ᠠᠯᠠᠭ᠋ᠠᠨ ᠬᠢᠷᠢ ᠭᠠᠵᠠᠷ᠂ ᠨᠢᠳᠦᠨ ᠴᠢᠨᠡᠭᠡᠨ ᠠᠶᠠᠭᠠ ᠭᠡᠬᠦ ᠮᠡᠲᠦ᠃
ᠬᠣᠶᠠᠷ᠂ ᠪᠠᠢ᠌ᠭ᠋ᠠᠯᠢ ᠵᠢᠨ ᠬᠤᠪᠢᠷᠠᠯᠲᠠ᠂ ᠠᠮᠢᠳᠠᠠᠤ ᠲᠠᠭᠤ ᠳᠦᠷᠰᠦᠪᠠᠷ ᠬᠡᠮᠵᠢᠶᠡᠯᠡᠭᠰᠡᠨ ᠬᠡᠮᠨᠡᠭᠦᠷ ᠦᠭᠡᠰ᠄
1᠂ ᠴᠠᠭᠤᠨ ᠬᠡᠮᠨᠡᠭᠦᠷ ᠦᠭᠡ᠄ ᠲᠠᠬᠢᠶᠠ ᠲᠥᠷᠤᠬᠦᠤ ᠳᠤᠤᠭ᠋ᠠᠷᠬᠤ ᠦᠶᠡ᠂ ᠴᠣᠯᠮᠣᠨ ᠭᠠᠷᠬᠤ ᠦᠶᠡ᠂ ᠦᠦᠷᠤᠨ ᠭᠡᠭᠡ ᠰᠤᠪᠤᠷᠠᠬᠤ ᠦᠶᠡ᠂ ᠠᠯᠠᠭ᠋ᠠᠨ ᠵᠢᠷᠤᠭ᠋ᠠᠰᠤ ᠬᠠᠷᠠᠭᠳᠠᠬᠤ ᠦᠶᠡ᠂ ᠰᠢᠷᠠ ᠪᠦᠷᠦᠢ᠂ ᠬᠠᠷᠠ ᠪᠦᠷᠦᠢ᠂ ᠦᠳᠡ ᠬᠡᠯᠪᠡᠢ᠌ᠬᠦ ᠦᠶᠡ᠂ ᠨᠠᠷᠠ ᠠᠯᠳᠠ ᠳᠡᠭᠡᠷᠡ ᠮᠠᠨᠳᠤᠬᠤ ᠭᠡᠬᠦ ᠮᠡᠲᠦ᠃
2᠂ ᠴᠠᠭ ᠤᠯᠠᠷᠢᠯᠤᠨ ᠬᠡᠮᠨᠡᠭᠦᠷ ᠦᠭᠡ᠄ ᠭᠠᠵᠠᠷ ᠡᠬᠢᠯᠡᠵᠦ ᠭᠡᠰᠬᠦᠳᠤ᠂ ᠬᠠᠭᠳᠠ ᠬᠥᠬᠡᠷᠡᠬᠦᠳᠤ᠂ ᠠᠬᠢ ᠨᠢᠳᠦᠯᠡᠬᠦᠳᠤ᠂ ᠢᠮᠠᠭᠠ ᠰᠠᠮᠨᠠᠬᠤ ᠦᠶᠡ᠂ ᠭᠠᠵᠠᠷ ᠬᠥᠯᠳᠡᠬᠦ ᠦᠶᠡ ᠭᠡᠬᠦ ᠮᠡᠲᠦ᠃
3᠂ ᠥᠨᠳᠥᠷ ᠪᠣᠭᠣᠨᠢ ᠭᠦᠨ ᠭᠦᠢ᠍ᠬᠡᠨᠤ ᠬᠡᠮᠨᠡᠭᠦᠷ ᠦᠭᠡ᠄ ᠡᠪᠦᠳᠦᠭ ᠲᠤᠯᠤᠮᠠ ᠭᠦᠨ᠂ ᠲᠥᠷᠤᠭᠡ ᠰᠢᠭᠦᠷᠡᠮᠡ ᠥᠨᠳᠥᠷ᠂ ᠮᠣᠷᠢᠨ ᠨᠢᠷᠤᠭᠤ ᠳᠠᠪᠠᠮᠠ ᠥᠨᠳᠥᠷ᠂ ᠪᠦᠰᠡᠯᠡᠭᠦᠷ ᠲᠤᠯᠤᠮᠠ ᠤᠰᠤ ᠭᠡᠬᠦ ᠮᠡᠲᠦ᠃
ᠢᠷᠡᠯᠲᠡ᠄