ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠤᠷᠠᠳ᠎ᠤᠨ ᠲᠤᠮᠳᠠᠳᠤ ᠬᠣᠰᠢᠭᠣᠨ᠎ᠤ ᠬᠤᠪᠢᠰᠬᠠᠯᠳᠤ ᠦᠷᠡᠭᠳᠡᠭᠰᠡᠨ ᠪᠠᠭ᠋ᠠᠳᠤᠷᠴᠤᠳ — ᠵᠢᠶᠠ ᠵᠢᠶᠸ

ᠨᠡᠶ᠋ᠢᠲᠡᠯᠡᠭᠰᠡᠨ ᠴᠠᠭ᠄   2025-12-17

ᠵᠢᠶᠠ ᠵᠢᠶᠸ (1951 — 1976) ᠡᠷᠡᠭᠳᠡᠢ᠂ ᠬᠢᠳᠠᠳ ᠦᠨᠳᠦᠰᠦᠳᠡᠨ᠂ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠭᠡᠰᠢᠭᠦᠨ᠂ 1951 ᠤᠨ᠎ᠤ 12 ᠳ᠋ᠤᠭ᠋ᠠᠷ ᠰᠠᠷ᠎ᠠ ᠵᠢᠨ 16᠎ᠤ ᠡᠳᠦᠷ ᠲᠦᠷᠦᠪᠡ᠂ ᠤᠷᠠᠳ᠎ᠤᠨ ᠲᠤᠮᠳᠠᠳᠤ ᠬᠤᠰᠢᠭᠤᠨ᠎ᠤ ᠦᠵᠦᠭᠦᠷ ᠭᠤᠤᠯ ᠪᠠᠯᠭ᠋ᠠᠰᠤᠨ᠎ᠤ ᠯᠢᠶᠠᠨ ᠹᠸᠩ ᠵᠠᠰᠠᠭ ᠵᠠᠬᠢᠷᠭ᠋ᠠᠨ᠎ᠤ ᠲᠤᠰᠬᠤᠨ᠎ᠤ ᠵᠡᠭᠦᠨ ᠪᠤᠯᠤᠩ ᠲᠤᠰᠬᠤᠨ᠎ᠤ ᠬᠦᠮᠦᠨ᠃ ᠲᠡᠷᠡ ᠶᠠᠳᠠᠭᠤ ᠲᠠᠷᠢᠶᠠᠴᠢᠨ᠎ᠤ ᠭᠡᠷ᠎ᠤᠨ ᠭᠠᠷᠤᠯ᠎ᠲᠠᠢ᠂ ᠬᠠᠷ᠎ᠠ ᠪᠠᠭ᠎ᠠ᠎ᠠᠴᠠ᠎ᠪᠠᠨ ᠬᠦᠳᠡᠯᠮᠦᠷᠢ᠎ᠳᠤ ᠲᠤᠷᠠᠳᠠᠢ᠂ ᠰᠤᠷᠤᠯᠴᠠᠯᠭ᠎ᠠ᠎ᠳᠤ ᠴᠢᠷᠮᠠᠢ᠌ᠯᠳᠠ᠎ᠲᠠᠢ᠂ ᠨᠠᠰᠤᠳᠠᠳ᠎ᠢ ᠬᠦᠨᠳᠦᠳᠭᠡᠨ ᠪᠠᠭ᠋ᠠᠴᠤᠤᠯ᠎ᠢ ᠬᠠᠢ᠌ᠷᠠᠯᠠᠳᠠᠭ ᠬᠦᠮᠦᠨ ᠶᠤᠮ᠃ ᠦᠵᠦᠭᠦᠷ ᠭᠤᠤᠯ᠎ᠤᠨ ᠪᠠᠭ᠎ᠠ ᠰᠤᠷᠭ᠋ᠠᠭᠤᠯᠢ᠂ ᠤᠷᠠᠳ᠎ᠤᠨ ᠲᠤᠮᠳᠠᠳᠤ ᠬᠤᠰᠢᠭᠤᠨ᠎ᠤ ᠨᠢᠭᠡᠳᠦᠭᠡᠷ ᠲᠤᠮᠳᠠᠳᠤ ᠰᠤᠷᠭ᠋ᠠᠭᠤᠯᠢ᠎ᠳᠤ ᠰᠤᠷᠤᠯᠴᠠᠵᠤ ᠪᠠᠢ᠌ᠬᠤ᠎ᠳᠠᠭᠠᠨ ᠤᠯᠠᠨ ᠤᠳᠠᠭ᠎ᠠ 《ᠭᠤᠷᠪᠠᠨ ᠰᠠᠢ᠌ᠨᠳᠠᠢ ᠰᠤᠷᠤᠬ᠍ᠴᠢ》᠎ᠪᠠᠷ ᠰᠤᠩᠭᠤᠬᠳᠠᠪᠠ᠃ 1967 ᠤᠨ᠎ᠳᠤ 《ᠰᠤᠶᠤᠯ᠎ᠤᠨ ᠶᠡᠭᠡ ᠬᠤᠪᠢᠰᠬᠠᠯ》᠎ᠠᠴᠠ ᠪᠤᠯᠵᠤ ᠰᠤᠷᠤᠯᠭ᠎ᠠ᠎ᠪᠠᠨ ᠲᠤᠷᠭᠤᠨ ᠵᠤᠬᠰᠤᠵᠤ ᠨᠤᠳᠤᠭ᠎ᠲᠠᠭᠠᠨ ᠪᠤᠴᠠᠭ᠋ᠠᠳ᠂ ᠲᠤᠰ ᠲᠤᠰᠬᠤᠨ᠎ᠤ ᠯᠢᠶᠠᠨ ᠹᠸᠩ ᠭᠤᠷᠪᠠᠳᠤᠭ᠋ᠠᠷ ᠪᠠᠷᠢᠭ᠋ᠠᠳᠠ᠎ᠳᠤ ᠲᠠᠷᠢᠶᠠᠯᠠᠩ᠎ᠤᠨ ᠦᠢ᠍ᠯᠡᠳᠪᠦᠷᠢᠯᠡᠯ᠎ᠳᠤ ᠤᠷᠤᠯᠴᠠᠨ᠂ ᠬᠠᠮᠳᠤ ᠨᠡᠢ᠌ᠳᠡ ᠵᠢ ᠬᠠᠢ᠌ᠷᠠᠯᠠᠵᠤ᠂ ᠬᠦᠴᠢᠷ ᠪᠡᠷᠭᠡ ᠵᠢ ᠲᠡᠪᠴᠢᠨ᠂ ᠢᠳᠡᠪᠬᠢᠳᠠᠢ ᠴᠢᠷᠮᠠᠢ᠌ᠨ ᠠᠵᠢᠯᠯᠠᠳᠠᠭ᠎ᠠᠴᠠ ᠦᠢ᠍ᠯᠡᠳᠪᠦᠷᠢᠯᠡᠯ᠎ᠤᠨ ᠶᠡᠭᠡ ᠪᠠᠷᠢᠭ᠋ᠠᠳᠠ ᠪᠤᠯᠤᠨ ᠭᠡᠰᠢᠭᠦᠳ ᠲᠦᠮᠡᠨ᠎ᠤ ᠮᠠᠬᠳᠠᠭ᠋ᠠᠯ ᠰᠠᠢ᠌ᠰᠢᠶᠠᠯ᠎ᠢ ᠤᠯᠵᠤ ᠪᠠᠢ᠌ᠪᠠ᠃ 

1970 ᠤᠨ᠎ᠤ 1 ᠳ᠋ᠤᠭᠡᠷ ᠰᠠᠷ᠎ᠠ᠎ᠳᠤ᠂ ᠵᠢᠶᠡ ᠵᠢᠶᠸ ᠲᠤᠮᠳᠠᠳᠤ ᠤᠯᠤᠰ᠎ᠤᠨ ᠠᠷᠠᠳ᠎ᠤᠨ ᠴᠢᠯᠦᠭᠡᠯᠡᠭᠦ ᠴᠡᠷᠢᠭ᠎ᠲᠤ ᠤᠷᠤᠵᠤ᠂ ᠦᠪᠦᠷ ᠮᠤᠩᠭᠤᠯ᠎ᠤᠨ ᠴᠡᠷᠢᠭ᠎ᠤᠨ ᠲᠤᠭᠤᠷᠢᠭ᠎ᠤᠨ ᠲᠤᠰᠭ᠋ᠠᠷ ᠰᠠᠬᠢᠨ ᠬᠠᠮᠠᠭ᠋ᠠᠯᠠᠬᠤ ᠳ᠋ᠢᠸᠢᠽᠢ ᠵᠢᠨ ᠲᠠᠪᠤᠳᠤᠭ᠋ᠠᠷ ᠪᠠᠲ᠋ᠠᠯᠢᠶᠤᠨ (1921 ᠴᠡᠷᠢᠭ ᠠᠩᠬᠢ)᠂ 51136 ᠴᠡᠷᠢᠭ ᠠᠩᠬᠢ ᠵᠢᠨ ᠭᠤᠷᠪᠠᠳᠤᠭ᠋ᠠᠷ ᠪᠠᠲᠯᠢᠶᠦ᠋ᠨ᠎ᠤ ᠨᠠᠢ᠍ᠮᠠᠳᠤᠭ᠋ᠠᠷ ᠰᠤᠮᠤᠨ᠎ᠳᠤ ᠤᠷᠢᠳ ᠬᠤᠵᠢᠳ ᠪᠠᠢ᠌ᠯᠳᠤᠬ᠍ᠴᠢ᠂ ᠲᠤᠭᠤᠭ᠋ᠠᠴᠢ᠂ ᠲᠡᠳ᠋ ᠲᠠᠰᠤᠭ᠎ᠤᠨ ᠲᠠᠷᠤᠭ᠎ᠠ᠂ ᠲᠠᠰᠤᠭ᠎ᠤᠨ ᠲᠠᠷᠤᠭ᠎ᠠ᠂ ᠤᠷᠤᠯᠠᠬ᠍ᠴᠢ ᠰᠠᠯᠠᠭ᠋ᠠᠨ ᠲᠠᠷᠤᠭ᠎ᠠ ᠵᠢᠨ ᠲᠤᠰᠢᠶᠠᠯ᠎ᠢ ᠡᠭᠦᠷᠭᠡᠯᠡᠵᠦ ᠪᠠᠢ᠌ᠵᠠᠢ᠃ ᠲᠡᠷᠡ ᠴᠡᠷᠢᠭ᠎ᠲᠤ ᠤᠷᠤᠬᠰᠠᠨ᠎ᠠᠴᠠ ᠬᠤᠢ᠌ᠰᠢ᠂ ᠬᠡᠵᠢᠶᠡᠳᠡ ᠯᠸᠢ ᠹᠸᠩ ᠵᠶ᠋ᠠᠷ ᠦᠯᠢᠭᠡᠷ ᠲᠠᠭᠤᠷᠢᠶᠠᠯ ᠪᠤᠯᠭ᠋ᠠᠨ᠂ ᠮᠠᠷᠺᠰ ᠯᠸᠨᠢᠨ᠎ᠤ ᠦᠵᠡᠯ᠂ ᠮᠠᠤ ᠽᠸ ᠳ᠋ᠦᠩ᠎ᠤᠨ ᠦᠵᠡᠯ ᠰᠠᠨᠠᠭ᠎ᠠ ᠵᠢ ᠴᠢᠷᠮᠠᠢ᠌ᠨ ᠰᠤᠷᠤᠯᠴᠠᠵᠤ᠂ ᠦᠪᠡᠷ᠎ᠢ᠎ᠪᠠᠨ ᠴᠢᠩᠭ᠎ᠠ ᠱᠠᠭ᠋ᠠᠷᠳᠠᠨ᠂ ᠰᠢᠷᠭ᠋ᠠᠭᠤ᠎ᠪᠠᠷ ᠪᠤᠯᠪᠠᠰᠤᠷᠠᠵᠤ᠂ ᠰᠠᠬᠢᠯᠭ᠎ᠠ ᠪᠠᠳᠤ ᠵᠢ ᠰᠠᠬᠢᠨ᠂ ᠨᠦᠭᠦᠳ᠎ᠲᠠᠢ᠎ᠪᠠᠨ ᠪᠦᠯᠭᠦᠮᠳᠡᠵᠦ᠂ ᠢᠯᠡᠷᠡᠯ᠎ᠨᠢ ᠲᠤᠪᠦᠢ᠌ᠮ᠎ᠡ ᠪᠠᠢ᠌ᠪᠠ᠃ ᠲᠡᠷᠡ ᠴᠡᠷᠢᠭ᠎ᠲᠤ ᠤᠷᠤᠬᠰᠠᠨ ᠲᠤᠰ ᠵᠢᠯ᠎ᠤᠨ 3 ᠳ᠋ᠤᠭ᠋ᠠᠷ ᠰᠠᠷ᠎ᠠ᠎ᠳᠤ ᠲᠤᠮᠳᠠᠳᠤ ᠤᠯᠤᠰ᠎ᠤᠨ ᠡᠪ ᠬᠠᠮᠳᠤ ᠵᠠᠯᠠᠭᠤᠴᠤᠳ᠎ᠤᠨ ᠡᠪᠯᠡᠯ᠎ᠳᠤ ᠤᠷᠤᠵᠤ᠂ 10 ᠳ᠋ᠤᠭ᠋ᠠᠷ ᠰᠠᠷ᠎ᠠ᠎ᠳᠤᠨᠢ ᠲᠤᠮᠳᠠᠳᠤ ᠤᠯᠤᠰ᠎ᠤᠨ ᠡᠪ ᠬᠠᠮᠳᠤ ᠨᠠᠮ᠎ᠳᠤ ᠤᠷᠤᠪᠠ᠃ ᠲᠡᠷᠡ ᠶᠡᠷᠦ᠎ᠠᠴᠠ ᠵᠤᠬᠢᠶᠠᠨ ᠪᠠᠢ᠌ᠭᠤᠯᠤᠯᠳᠠ ᠵᠢᠨ ᠬᠤᠪᠢᠶᠠᠷᠢᠯᠠᠯᠳᠠ ᠵᠢ ᠡᠷᠡᠰ ᠲᠠᠭ᠋ᠠᠵᠤ᠂ ᠬᠦᠴᠢᠷ ᠪᠡᠷᠭᠡ ᠵᠢ ᠲᠡᠰᠪᠦᠷᠢᠯᠡᠨ᠂ ᠠᠵᠢᠯᠴᠢ ᠬᠦᠯᠢᠴᠡᠩᠭᠦᠢ ᠠᠵᠢᠯᠯᠠᠵᠤ᠂ ᠲᠠᠢ᠌ᠴᠢᠨ ᠨᠦᠭᠦᠳ ᠵᠶ᠋ᠠᠨ ᠬᠠᠯᠠᠮᠵᠢᠯᠡᠨ᠂ ᠤᠯᠠᠨ ᠲᠦᠮᠡᠨ᠎ᠢ ᠬᠠᠪᠰᠤᠷᠳᠠᠭ ᠪᠢᠯᠡ᠃ ᠡᠩ᠎ᠤᠨ ᠦᠶ᠎ᠡ᠎ᠳᠤ ᠲᠡᠷᠡ ᠨᠦᠭᠦᠪᠦᠷᠢ ᠮᠦᠩᠭᠦ᠎ᠪᠠᠨ ᠭᠠᠮᠨᠠᠵᠤ ᠬᠦᠴᠢᠷᠳᠡᠯ᠎ᠲᠠᠢ ᠪᠠᠢ᠌ᠯᠳᠤᠬ᠍ᠴᠢ ᠵᠢᠨ ᠵᠶ᠋ᠠᠨ ᠭᠡᠷ᠎ᠲᠤᠨᠢ ᠢᠯᠡᠭᠡᠵᠦ᠂ ᠴᠡᠷᠢᠭ ᠰᠠᠭᠤᠭ᠎ᠠ ᠤᠢ᠌ᠷ᠎ᠡ ᠤᠷᠴᠢᠮ᠎ᠤᠨ ᠲᠠᠪᠤᠨ ᠪᠠᠳᠤᠯᠭ᠋ᠠᠳᠤ ᠡᠷᠦᠭᠡ ᠵᠢᠨ ᠬᠤᠶᠠᠷ ᠨᠠᠰᠤᠳᠠᠨ᠎ᠢ ᠦᠷᠭᠦᠯᠵᠢ ᠵᠢᠨ ᠴᠢᠨᠠᠷ᠎ᠲᠠᠢ ᠬᠠᠪᠰᠤᠷᠤᠨ ᠬᠠᠷᠠᠭ᠋ᠠᠯᠵᠠᠳᠠᠭ ᠤᠴᠢᠷ᠎ᠠᠴᠠ ᠬᠤᠶᠠᠷ ᠨᠠᠰᠤᠳᠠᠨ ᠰᠡᠳᠬᠢᠯ ᠬᠦᠳᠡᠯᠦᠨ ᠤᠴᠠᠷᠠᠬᠰᠠᠨ ᠪᠤᠯᠭ᠋ᠠᠨ᠎ᠳᠤ᠄ 《ᠵᠢᠶᠠ ᠵᠢᠶᠸ ᠮᠢᠨᠤ ᠲᠦᠷᠦᠭᠰᠡᠨ ᠬᠦᠤ᠎ᠲᠠᠢ ᠠᠳᠠᠯᠢ ᠪᠠᠢ᠌ᠨ᠎ᠠ!》 ᠭᠡᠵᠦ ᠭᠡᠯᠡᠳᠡᠭ ᠪᠢᠯᠡ᠃ ᠨᠢᠭᠡ ᠤᠳᠠᠭ᠎ᠠ ᠵᠢᠨ ᠪᠠᠴᠢᠮ ᠠᠶᠤᠯ᠎ᠤᠨ ᠤᠴᠠᠷᠠᠯ᠎ᠳᠤ᠂ ᠲᠡᠷᠡ ᠪᠠᠢ᠌ᠯᠳᠤᠬ᠍ᠴᠢ᠎ᠪᠠᠨ ᠲᠠᠭ᠋ᠠᠭᠤᠯᠤᠨ ᠰᠢᠪᠡᠷ ᠰᠢᠷᠤᠢ ᠵᠢ ᠭᠠᠷ ᠵᠶ᠋ᠠᠷ ᠵᠶ᠋ᠠᠨ ᠮᠠᠯᠳᠠᠵᠤ ᠪᠠᠢ᠌ᠭ᠋ᠠᠳ᠂ ᠨᠤᠷᠠᠵᠤ ᠪᠤᠯᠠᠬᠳᠠᠬᠰᠠᠨ ᠨᠢᠭᠡ ᠭᠡᠰᠢᠭᠦᠨ᠎ᠢ ᠠᠪᠤᠷᠠᠵᠤ ᠭᠠᠷᠭ᠋ᠠᠵᠠᠢ᠃ ᠲᠡᠷᠡ ᠪᠦᠭᠦ ᠲᠠᠰᠤᠭ᠎ᠤᠨ ᠪᠠᠢ᠌ᠯᠳᠤᠬ᠍ᠴᠢ᠎ᠪᠠᠨ ᠲᠠᠭ᠋ᠠᠭᠤᠯᠤᠨ ᠬᠠᠳᠠᠭ᠋ᠠᠯᠠᠮᠵᠢ ᠵᠢᠨ ᠠᠪᠳᠠᠷ᠎ᠠ ᠵᠤᠬᠢᠶᠠᠵᠤ᠂ ᠵᠠᠭᠤ ᠢᠯᠡᠭᠦᠤ ᠲᠦᠭᠦᠷᠢᠭ ᠠᠷᠪᠢᠯᠡᠨ ᠤᠯᠤᠰ᠎ᠢ ᠲᠡᠮᠵᠢᠭᠰᠡᠨ ᠶᠤᠮ᠃ ᠲᠠᠰᠤᠭ᠎ᠤᠨ ᠲᠠᠷᠤᠭ᠎ᠠ ᠪᠠᠢ᠌ᠬᠤ ᠬᠤᠭᠤᠴᠠᠭ᠋ᠠᠨ᠎ᠳᠤ ᠲᠡᠭᠦᠨ᠎ᠤ ᠲᠠᠰᠤᠭ᠎ᠨᠢ ᠬᠤᠶᠠᠷ ᠵᠢᠯ ᠲᠠᠷᠠᠭ᠋ᠠᠯᠠᠨ ᠪᠦᠭᠦ ᠰᠤᠮᠤᠨ᠎ᠤ ᠦᠯᠢᠭᠡᠷ ᠲᠠᠭᠤᠷᠢᠶᠠᠯᠳᠤ ᠲᠠᠰᠤᠭ ᠵᠶ᠋ᠠᠷ ᠰᠤᠩᠭᠤᠬᠳᠠᠪᠠ᠃ 1970 ᠤᠨ᠂ 1971 ᠤᠨ᠎ᠳᠤ ᠲᠡᠷᠡ ᠴᠡᠷᠢᠭ ᠠᠩᠬᠢ ᠪᠤᠯᠤᠨ ᠴᠡᠷᠢᠭ᠎ᠤᠨ ᠬᠤᠪᠢᠶᠠᠷᠢ ᠲᠤᠭᠤᠷᠢᠭ᠎ᠤᠨ ᠮᠡᠤ ᠲᠡᠷᠢᠭᠦᠯᠡᠭᠴᠢ ᠵᠢᠨ ᠵᠤᠬᠢᠶᠠᠯ᠎ᠢ ᠰᠤᠷᠤᠯᠴᠠᠬᠰᠠᠨ ᠢᠳᠡᠪᠬᠢᠳᠠᠨ᠎ᠤ ᠲᠦᠯᠦᠭᠡᠯᠡᠭᠴᠢ ᠵᠢᠨ ᠶᠡᠭᠡ ᠬᠤᠷᠠᠯ᠎ᠳᠤ ᠤᠷᠤᠯᠴᠠᠬᠰᠠᠨ ᠪᠦᠭᠡᠳ ᠴᠡᠷᠢᠭ ᠠᠩᠬᠢ᠂ ᠴᠡᠷᠢᠭ᠎ᠤᠨ ᠬᠤᠪᠢᠶᠠᠷᠢ ᠲᠤᠭᠤᠷᠢᠭ ᠵᠢᠴᠢ ᠬᠤᠷᠢᠶ᠎ᠠ᠂ ᠪᠠᠲ᠋ᠠᠯᠢᠶᠤᠨ᠂ ᠰᠤᠮᠤᠨ᠎ᠤ ᠰᠠᠢ᠌ᠰᠢᠶᠠᠯ᠎ᠢ ᠤᠯᠠᠨᠳᠠ ᠤᠯᠤᠬᠰᠠᠨ ᠪᠠᠢ᠌ᠨ᠎ᠠ᠃ 

1975 ᠤᠨ᠎ᠤ 3 ᠳ᠋ᠤᠭ᠋ᠠᠷ ᠰᠠᠷ᠎ᠠ᠎ᠳᠤ᠂ ᠵᠢᠶᠨ ᠵᠢᠶᠸ ᠴᠡᠷᠢᠭ᠎ᠠᠴᠠ ᠬᠠᠯᠠᠬᠳᠠᠨ ᠨᠤᠳᠤᠭ᠎ᠲᠠᠭᠠᠨ ᠪᠤᠴᠠᠵᠤ᠂ ᠬᠠᠮᠳᠤ ᠵᠢᠨ ᠦᠢ᠍ᠯᠡᠳᠪᠦᠷᠢᠯᠡᠯ᠎ᠳᠤ ᠤᠷᠤᠯᠴᠠᠨ᠂ ᠦᠢ᠍ᠯᠡᠳᠪᠦᠷᠢᠯᠡᠯ᠎ᠤᠨ ᠪᠠᠷᠢᠭ᠋ᠠᠳᠠ᠎ᠪᠠᠨ ᠬᠠᠪᠰᠤᠷᠴᠤ ᠡᠷᠦᠭᠡ ᠵᠢᠨ ᠴᠡᠷᠢᠭ ᠪᠤᠯᠪᠠᠰᠤᠷᠠᠭᠤᠯᠪᠠ᠃ 8 ᠳ᠋ᠤᠭ᠋ᠠᠷ ᠰᠠᠷ᠎ᠠ᠎ᠳᠤ ᠲᠡᠭᠦᠨ᠎ᠢ ᠴᠤᠭ ᠬᠤᠰᠢᠭᠤᠨ (ᠤᠳᠤ ᠵᠢᠨ ᠤᠷᠠᠳ᠎ᠤᠨ ᠬᠤᠢ᠌ᠳᠤ ᠬᠤᠰᠢᠭᠤ)᠎ᠤ ᠦᠨᠳᠦᠰᠦᠳᠡᠨ᠎ᠤ ᠠᠷᠠᠯᠵᠢᠶᠠᠨ᠎ᠤ ᠺᠤᠮᠫᠠᠨᠢ᠎ᠳᠤ ᠠᠵᠢᠯ ᠲᠤᠬᠢᠷᠠᠭᠤᠯᠵᠤ᠂ ᠲᠡᠯᠭᠡᠭᠦᠷ᠎ᠤᠨ ᠬᠠᠷᠢᠭᠤᠴᠠᠯᠭ᠋ᠠᠳᠠᠨ᠂ ᠡᠪᠯᠡᠯ᠎ᠤᠨ ᠡᠭᠦᠷ᠎ᠤᠨ ᠱᠦᠵᠢ᠎ᠪᠠᠷ ᠠᠵᠢᠯᠯᠠᠵᠤ ᠪᠠᠢ᠌ᠪᠠ᠃ ᠲᠡᠷᠡ ᠠᠵᠢᠯ᠎ᠤᠨ ᠵᠶ᠋ᠠᠨ ᠲᠤᠮᠳᠠ ᠦᠪᠡᠷ᠎ᠤᠨ ᠪᠡᠶ᠎ᠡ᠎ᠪᠠᠷ ᠵᠶ᠋ᠠᠨ ᠲᠦᠷᠢᠮ ᠦᠵᠡᠭᠦᠯᠦᠨ᠂ ᠲᠡᠯᠭᠡᠭᠦᠷ᠎ᠲᠡᠭᠡᠨ ᠦᠷᠭᠦᠯᠵᠢ ᠬᠦᠨᠳᠦ᠂ ᠪᠤᠵᠠᠷ᠂ ᠬᠦᠴᠢᠷ ᠠᠵᠢᠯ᠎ᠢ ᠰᠤᠩᠭᠤᠵᠤ ᠬᠢᠳᠡᠭ ᠪᠢᠯᠡ᠃ 1976 ᠤᠨ᠎ᠤ 8 ᠳ᠋ᠤᠭ᠋ᠠᠷ ᠰᠠᠷ᠎ᠠ᠎ᠳᠤ ᠲᠤᠰ ᠬᠤᠰᠢᠭᠤᠨ᠎ᠤ ᠨᠠᠷᠠᠨᠪᠤᠯᠠᠭ ᠨᠢᠭᠡᠳᠦᠯ᠎ᠤᠨ ᠵᠡᠪᠰᠡᠭᠳᠦ ᠬᠦᠴᠦᠨ᠎ᠤ ᠭᠡᠯᠳᠡᠰ᠎ᠤᠨ ᠲᠡᠳ᠋ ᠲᠠᠷᠤᠭ᠎ᠠ᠎ᠪᠠᠷ ᠰᠢᠯᠵᠢᠨ ᠲᠤᠮᠢᠯᠠᠬᠳᠠᠵᠤ᠂ ᠲᠤᠰᠢᠶᠠᠯ᠎ᠳᠤ ᠭᠠᠷᠤᠬᠰᠠᠨ ᠬᠤᠶᠠᠷᠬᠠᠨ ᠰᠠᠷ᠎ᠠ᠎ᠳᠤ ᠬᠤᠶᠠᠷ ᠤᠳᠠᠭ᠎ᠠ ᠵᠢᠨ ᠶᠡᠭᠡ ᠬᠡᠪᠴᠢᠶᠡᠨ᠎ᠤ ᠡᠷᠦᠭᠡ ᠵᠢᠨ ᠴᠡᠷᠢᠭ᠎ᠤᠨ ᠪᠤᠯᠪᠠᠰᠤᠷᠠᠯ᠎ᠢ ᠠᠳᠬᠤᠵᠤ᠂ ᠦᠪᠡᠷ᠎ᠤᠨ ᠪᠡᠶ᠎ᠡ᠎ᠪᠠᠷ ᠵᠶ᠋ᠠᠨ ᠦᠯᠢᠭᠡᠷ ᠵᠢᠱ᠌ᠢᠶ᠎ᠡ ᠦᠵᠡᠭᠦᠯᠦᠨ᠂ ᠴᠢᠩᠭ᠎ᠠ ᠱᠠᠭ᠋ᠠᠷᠳᠠᠬᠰᠠᠨ᠎ᠠᠴᠠ ᠦᠷᠭᠡᠨ ᠤᠯᠠᠨ ᠡᠷᠦᠭᠡ ᠵᠢᠨ ᠴᠡᠷᠢᠭ᠎ᠤᠨ ᠮᠠᠬᠳᠠᠭ᠋ᠠᠯ᠎ᠢ ᠤᠯᠵᠠᠢ᠃ 

1976 ᠤᠨ᠎ᠤ 11 ᠳ᠋ᠤᠭᠡᠷ ᠰᠠᠷ᠎ᠠ ᠵᠢᠨ 14᠎ᠤ ᠡᠳᠦᠷ᠎ᠤᠨ ᠡᠷᠦᠭᠡ ᠵᠢᠨ ᠴᠡᠷᠢᠭ᠎ᠤᠨ ᠪᠤᠯᠪᠠᠰᠤᠷᠠᠯ᠎ᠳᠤ᠂ 19 ᠨᠠᠰᠤᠳᠠᠢ ᠮᠤᠩᠭᠤᠯ ᠦᠨᠳᠦᠰᠦᠳᠡᠨ᠎ᠤ ᠡᠮᠡᠭᠳᠡᠢ ᠡᠷᠦᠭᠡ ᠵᠢᠨ ᠴᠡᠷᠢᠭ ᠲᠤᠭ᠋ᠸ᠎ᠠ ᠦᠨᠡᠨ ᠰᠢᠳᠡᠭᠦ ᠪᠤᠯᠪᠠᠰᠤᠷᠠᠯ᠎ᠳᠤ ᠠᠩᠬ᠎ᠠ ᠤᠳᠠᠭ᠎ᠠ ᠤᠷᠤᠯᠴᠠᠵᠤ ᠪᠠᠢ᠌ᠬᠤ ᠤᠴᠢᠷ᠎ᠠᠴᠠ  ᠵᠶ᠋ᠠᠨ ᠳᠦᠩᠭᠡᠵᠢ 11 ᠮᠸᠲᠷ ᠰᠢᠳᠡᠭᠡᠳ᠂ ᠲᠤᠭ᠋ᠸ᠎ᠠ ᠤᠤᠯ ᠭᠠᠵᠠᠷ᠎ᠲᠠᠭᠠᠨ ᠵᠤᠬᠰᠤᠵᠤ ᠲᠠᠯᠳᠠᠯᠠᠬᠤ᠎ᠪᠠᠨ ᠮᠠᠷᠳᠠᠴᠢᠬᠠᠪᠠ᠃ ᠡᠨᠡᠭᠦ ᠠᠶᠤᠯ ᠲᠦᠭᠰᠢᠭᠦᠷᠢᠳᠠᠢ ᠵᠠᠩᠬᠢᠯᠠᠭ᠎ᠠ ᠵᠢᠨ ᠦᠶᠡᠰ᠎ᠲᠤ ᠲᠤᠭ᠋ᠸ᠎ᠠ᠎ᠠᠴᠠ ᠲᠦᠷᠪᠡᠨ ᠮᠸᠲᠷ ᠵᠠᠢ᠌ᠳᠠᠢ ᠪᠠᠢ᠌ᠬᠰᠠᠨ ᠵᠢᠶᠠ ᠵᠢᠶᠸ ᠦᠰᠦᠷᠦᠨ ᠬᠦᠷᠦᠭᠡᠳ ᠲᠤᠭ᠋ᠸ᠎ᠠ ᠵᠢ ᠲᠠᠷᠤᠵᠤ ᠬᠡᠪᠳᠡᠭᠦᠯᠭᠦ ᠵᠢᠨ ᠬᠠᠮᠳᠤ ᠦᠪᠡᠷ᠎ᠤᠨ ᠪᠡᠶ᠎ᠡ᠎ᠪᠠᠷ ᠵᠶ᠋ᠠᠨ ᠲᠡᠭᠦᠨ᠎ᠢ ᠬᠠᠯᠬᠠᠯᠠᠬᠤ ᠵᠠᠭᠤᠷ᠎ᠠ  ᠲᠡᠯᠪᠡᠷᠡᠨ᠂ ᠵᠢᠶᠠ ᠵᠢᠶᠸ ᠬᠦᠨᠳᠦ ᠰᠢᠷᠬᠠᠳᠤᠭ᠋ᠠᠳ ᠲᠤᠭ᠋ᠸ᠎ᠠ ᠠᠶᠤᠯ ᠦᠭᠡᠢ ᠦᠩᠭᠡᠷᠡᠪᠡ᠃ ᠵᠢᠶᠡ ᠵᠢᠶᠸ ᠵᠢᠨ ᠰᠢᠷᠬ᠎ᠠ ᠬᠡᠳᠦ ᠬᠦᠨᠳᠦ ᠪᠠᠢ᠌ᠵᠤ᠂ ᠪᠠᠴᠢᠮ ᠠᠪᠤᠷᠠᠯᠳᠠ ᠬᠢᠭᠰᠡᠨ ᠪᠤᠯᠪᠠᠴᠤ ᠲᠤᠰᠠ ᠪᠤᠯᠤᠬᠰᠠᠨ ᠦᠭᠡᠢ᠂ 11 ᠳ᠋ᠤᠭᠡᠷ ᠰᠠᠷ᠎ᠠ ᠵᠢᠨ 15᠎ᠤ ᠡᠳᠦᠷ᠎ᠤᠨ ᠦᠳᠡ ᠬᠤᠢ᠌ᠨ᠎ᠠ ᠯᠢᠨ ᠾᠸ ᠵᠢᠨ 279 ᠳ᠋ᠤᠭᠡᠷ ᠴᠡᠷᠢᠭ᠎ᠤᠨ ᠡᠮᠨᠡᠯᠭᠡ ᠵᠢᠨ ᠬᠤᠷᠢᠶᠠᠨ᠎ᠳᠤ ᠢᠷᠠᠭᠤ ᠠᠯᠳᠠᠷᠳᠠᠢ᠎ᠪᠠᠷ ᠨᠠᠰᠤ ᠨᠦᠭᠴᠢᠪᠡ᠂ ᠨᠠᠰᠤ ᠨᠦᠭᠴᠢᠭᠦ᠎ᠳᠡᠭᠡᠨ ᠰᠠᠶᠢ 25 ᠨᠠᠰᠤᠳᠠᠢ ᠪᠠᠢ᠌ᠵᠠᠢ᠃ 

 ᠵᠢᠶᠡ ᠵᠢᠶᠸ ᠨᠠᠰᠤ ᠨᠦᠭᠴᠢᠭᠰᠡᠨ᠎ᠤ ᠬᠤᠢ᠌ᠨ᠎ᠠ᠂ ᠴᠤᠭ ᠬᠤᠰᠢᠭᠤᠨ᠎ᠤ ᠨᠠᠮ ᠵᠠᠰᠠᠭ ᠴᠡᠷᠢᠭ ᠭᠤᠷᠪᠠᠨ ᠲᠠᠯ᠎ᠠ᠎ᠪᠠᠷ ᠬᠠᠮᠳᠤᠷᠠᠨ 《ᠵᠢᠶᠡ ᠵᠢᠶᠸ ᠨᠦᠭᠦᠷ᠎ᠠᠴᠠ ᠰᠤᠷᠤᠯᠴᠠᠬᠤ ᠬᠦᠳᠡᠯᠭᠡᠭᠡᠨ᠎ᠢ ᠦᠷᠨᠢᠭᠦᠯᠭᠦ ᠲᠤᠬᠠᠢ ᠲᠤᠬᠳᠠᠭ᠋ᠠᠯ》 ᠭᠠᠷᠭ᠋ᠠᠵᠤ᠂ ᠲᠠᠯ᠎ᠠ ᠨᠤᠳᠤᠭ᠎ᠲᠤ ᠰᠤᠷᠤᠯᠴᠠᠬᠤ ᠦᠷᠨᠢᠯᠳᠡ ᠭᠠᠷᠴᠠᠢ᠃ ᠪᠠᠶᠠᠨᠨᠠᠭᠤᠷ ᠠᠢ᠌ᠮᠠᠭ᠎ᠤᠨ ᠨᠠᠮ᠎ᠤᠨ ᠬᠤᠷᠢᠶ᠎ᠠ ᠪᠤᠯᠤᠨ ᠴᠡᠷᠢᠭ᠎ᠤᠨ ᠬᠤᠪᠢᠶᠠᠷᠢ ᠲᠤᠭᠤᠷᠢᠭ᠎ᠠᠴᠠ ᠵᠢᠶᠡ ᠵᠢᠶᠸ ᠨᠦᠭᠦᠷ᠎ᠲᠤ 2 ᠳ᠋ᠤᠭ᠋ᠠᠷ ᠲᠡᠰ᠎ᠤᠨ ᠭᠠᠪᠢᠶ᠎ᠡ ᠨᠡᠭᠡᠮᠵᠢᠯᠡᠨ ᠲᠡᠮᠳᠡᠭᠯᠡᠵᠦ᠂ 1985 ᠤᠨ᠎ᠳᠤ᠂ ᠬᠤᠰᠢᠭᠤᠨ᠎ᠤ ᠨᠠᠮ᠎ᠤᠨ ᠲᠡᠤᠭᠡ ᠵᠢᠨ ᠠᠯᠪᠠᠨ ᠭᠡᠷ᠎ᠨᠢ ᠬᠤᠯᠪᠤᠬᠳᠠᠯ ᠪᠦᠭᠦᠢ ᠰᠠᠯᠠᠭ᠎ᠠ ᠮᠦᠴᠢᠷ᠎ᠲᠤ ᠦᠷᠡᠭᠳᠡᠭᠰᠡᠨ ᠪᠠᠭ᠋ᠠᠳᠤᠷ ᠵᠢᠶᠡ ᠵᠢᠶᠸ᠎ᠳᠤ ᠲᠤᠷᠠᠰᠬᠠᠯ᠎ᠤᠨ ᠬᠦᠰᠢᠶ᠎ᠡ ᠪᠤᠰᠬᠠᠵᠤ ᠦᠭᠭᠦ ᠵᠢ ᠲᠤᠷᠠᠳᠪᠠ᠃ 1989 ᠤᠨ᠎ᠤ 4 ᠳ᠋ᠤᠭᠡᠷ ᠰᠠᠷ᠎ᠠ ᠵᠢᠨ 5᠎ᠤ ᠡᠳᠦᠷ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠠᠴᠠ ᠦᠵᠦᠭᠦᠷ ᠭᠤᠤᠯ ᠪᠠᠯᠭ᠋ᠠᠰᠤᠨ᠎ᠳᠠᠬᠢ ᠵᠢᠶᠡ ᠵᠢᠶᠸ ᠵᠢᠨ ᠪᠤᠩᠬᠤᠨ᠎ᠤ ᠡᠮᠦᠨ᠎ᠡ ᠦᠷᠡᠭᠳᠡᠭᠰᠡᠨ ᠪᠠᠭ᠋ᠠᠳᠤᠷ᠎ᠤᠨ ᠬᠦᠰᠢᠶ᠎ᠡ ᠪᠤᠰᠬᠠᠵᠤ ᠦᠭᠴᠠᠢ᠃ 

 《ᠤᠷᠠᠳ᠎ᠤᠨ ᠲᠤᠮᠳᠠᠳᠤ ᠬᠣᠰᠢᠭᠣᠨ᠎ᠤ ᠤᠢ᠌ᠯᠠᠯᠭ᠎ᠠ》᠎ᠠᠴᠠ ᠪᠠᠭᠤᠯᠭ᠋ᠠᠪᠠ 

ᠢᠷᠡᠯᠲᠡ᠄            