ᠤᠷᠠᠳ᠎ᠤᠨ ᠲᠤᠮᠳᠠᠳᠤ ᠬᠤᠰᠢᠭᠤᠨ᠎ᠤ ᠨᠡᠷᠡᠳᠤ ᠬᠦᠮᠦᠰ᠎ᠤᠨ ᠨᠠᠮᠳᠠᠷ — ᠬᠠᠮᠪᠤᠤ
ᠨᠡᠶ᠋ᠢᠲᠡᠯᠡᠭᠰᠡᠨ ᠴᠠᠭ᠄ 2024-08-29
ᠬᠠᠮᠪᠤᠤ (1911 — 1988) ᠦᠭᠡᠷ᠎ᠡ ᠨᠡᠷ᠎ᠡ᠎ᠨᠢ ᠰᠤᠩᠷᠤᠪᠳᠤᠷᠵᠢ᠂ ᠡᠷᠭᠦᠭᠰᠡᠨ ᠨᠡᠷ᠎ᠡ᠎ᠨᠢ ᠼᠢ ᠵᠧᠨ᠂ ᠡᠷᠡᠭᠳᠡᠢ᠂ ᠮᠤᠩᠭᠤᠯ ᠦᠨᠳᠤᠰᠤᠳᠡᠨ᠂ ᠤᠤᠯ᠎ᠤᠨ ᠤᠷᠠᠳ᠎ᠤᠨ ᠲᠤᠮᠳᠠᠳᠤ ᠭᠦᠩ᠎ᠤᠨ ᠬᠤᠰᠢᠭᠤᠨ᠎ᠤ ᠵᠠᠭᠦᠨ ᠰᠤᠮᠤᠨ᠎ᠤ ᠭᠦᠮᠤᠨ᠃ 1911 ᠤᠨ᠎ᠤ 2 ᠳ᠋ᠤᠭ᠋ᠠᠷ ᠰᠠᠷ᠎ᠠ᠎ᠳᠤ ᠲᠤᠮᠳᠠᠳᠤ ᠭᠦᠩ᠎ᠤᠨ ᠬᠤᠰᠢᠭᠤᠨ᠎ᠤ ᠪᠤᠷᠬᠠᠨᠳᠤ (ᠤᠳᠤ ᠵᠢᠨ ᠪᠤᠭᠤᠳᠤ ᠬᠤᠳᠠ ᠵᠢᠨ ᠲᠡᠭᠦᠷᠭᠡ ᠵᠢᠨ ᠠᠭ᠋ᠠᠷᠤᠳᠠᠢ ᠰᠤᠮᠤ) ᠵᠢᠨ ᠭᠦᠨᠳᠡᠯᠡᠨ ᠭᠡᠳᠡᠭ ᠲᠠᠶ᠋ᠢᠵᠢ ᠵᠢᠨ ᠭᠡᠷ᠎ᠲᠤ ᠲᠦᠷᠦᠵᠠᠢ᠃ 8 ᠨᠠᠰᠤᠳᠠᠢ ᠳᠤᠨᠢ ᠡᠴᠢᠭᠡ᠎ᠨᠢ ᠭᠡᠷ᠎ᠲᠡᠭᠡᠨ ᠨᠢᠭᠡ ᠬᠢᠳᠠᠳ ᠪᠠᠭᠰᠢ ᠵᠠᠯᠠᠵᠤ ᠲᠡᠭᠦᠨ᠎ᠳᠤ ᠬᠢᠳᠡᠳ ᠪᠢᠴᠢᠭ᠎ᠢ 4 ᠵᠢᠯ ᠵᠢᠭ᠋ᠠᠯᠭ᠋ᠠᠪᠠ᠃ 1926 ᠤᠨ᠎ᠳᠤ ᠲᠡᠷᠡ ᠰᠦᠢ᠍ᠶᠦᠸᠠᠨ ᠮᠤᠵᠢ ᠵᠢᠨ ᠠᠳᠠᠷ ᠬᠠᠭ᠋ᠠᠯᠪᠤᠷᠢᠯᠠᠬᠤ ᠶᠠᠪᠤᠳᠠᠯ᠎ᠤᠨ ᠲᠤᠪᠴᠢᠶᠠᠨ᠎ᠤ ᠠᠵᠢᠯᠳᠠᠨ ᠲᠡᠯᠭᠡᠷᠰᠠᠩ ᠬᠢᠭᠡᠳ ᠲᠠᠩᠰᠡ ᠪᠠᠷᠢᠭᠴᠢ ᠡᠾᠸᠦ ᠰᠢᠶᠤᠤ ᠦ᠋ ᠵᠢ ᠲᠠᠭ᠋ᠠᠵᠤ ᠰᠤᠸᠡᠮᠫᠠᠨ ᠴᠤᠬᠢᠬᠤ᠂ ᠲᠠᠩᠰᠡ ᠲᠡᠮᠳᠡᠭᠯᠡᠭᠦ ᠵᠢ ᠰᠤᠷᠴᠠᠢ᠃ 1929 ᠤᠨ᠎ᠳᠤ ᠲᠡᠷᠡ ᠤᠷᠠᠳ᠎ᠤᠨ ᠲᠤᠮᠳᠠᠳᠤ ᠭᠦᠩ᠎ᠤᠨ ᠬᠤᠰᠢᠭᠤᠨ᠎ᠤ ᠵᠠᠮ ᠴᠠᠭᠳᠠᠵᠤ ᠠᠮᠤᠷ᠎ᠢ ᠬᠠᠮᠠᠭ᠋ᠠᠯᠠᠬᠤ ᠠᠩᠭᠢ᠎ᠳᠤ ᠤᠷᠤᠵᠤ᠂ ᠤᠷᠢᠳ ᠬᠤᠵᠢᠳ ᠠᠬᠠᠯᠠᠭᠴᠢ ᠲᠦᠷᠦᠭᠦᠴᠢ ᠲᠠᠰᠤᠭ᠎ᠤᠨ ᠲᠠᠷᠤᠭ᠎ᠠ᠂ ᠰᠠᠯᠠᠭ᠋ᠠᠨ ᠲᠠᠷᠤᠭ᠎ᠠ᠂ ᠪᠠᠳᠤᠬᠠᠭ᠋ᠠᠯᠭᠠ ᠵᠢᠨ ᠭᠠᠶ᠋ᠢᠯᠢ ᠵᠢᠨ ᠪᠤᠭᠤᠮᠳᠠ ᠵᠢᠨ ᠲᠠᠷᠤᠭ᠎ᠠ᠂ ᠬᠠᠰᠢᠶ᠎ᠠ᠎ᠳᠤ᠎ᠳᠠᠬᠢ ᠭᠠᠶ᠋ᠢᠯᠢ ᠵᠢᠨ ᠪᠤᠭᠤᠮᠳᠠ ᠵᠢᠨ ᠲᠠᠷᠤᠭ᠎ᠠ᠂ ᠰᠤᠶ᠋ᠢᠶᠤᠸᠠᠨᠤ ᠤᠮᠠᠷᠠᠳᠤ ᠵᠢᠨ ᠵᠠᠮ ᠴᠠᠭᠳᠠᠬᠤ ᠭᠠᠵᠠᠷ᠎ᠤᠨ ᠤᠷᠠᠳ᠎ᠤᠨ ᠲᠤᠮᠳᠠᠳᠤ ᠭᠦᠩ᠎ᠤᠨ ᠬᠤᠰᠢᠭᠤᠨ᠎ᠤ ᠠᠮᠤᠷ᠎ᠢ ᠬᠠᠮᠠᠭ᠋ᠠᠯᠬᠠᠤ ᠠᠩᠭᠢ ᠵᠢᠨ ᠲᠠᠷᠤᠭ᠎ᠠ᠂ ᠲᠤᠮᠳᠠ ᠠᠩᠭᠢ ᠵᠢᠨ ᠲᠠᠷᠤᠭ᠎ᠠ᠂ ᠰᠧᠯᠢᠩᠪᠦ᠋ ᠵᠢᠨ ᠹᠦᠭᠤᠸᠠᠨ᠂ ᠭᠠᠶ᠋ᠢᠯᠢ ᠲᠦᠷᠢᠶᠡᠰᠤ ᠲᠠᠳᠠᠪᠤᠷᠢᠯᠠᠬᠤ ᠲᠤᠪᠴᠢᠶᠠᠨ᠎ᠤ ᠲᠠᠷᠤᠭ᠎ᠠ᠎ᠪᠠᠷ ᠲᠤᠮᠢᠯᠠᠭᠳᠠᠪᠡ᠃ 1937 ᠤᠨ᠎ᠤ 5 ᠳ᠋ᠤᠭ᠋ᠠᠷ ᠰᠠᠷ᠎ᠠ᠎ᠳᠤ᠂ ᠲᠡᠷᠡ ᠪᠠᠳᠤᠬᠠᠭ᠋ᠠᠯᠭᠠᠳᠤ ᠬᠠᠭᠤᠷᠮᠠᠭ ᠤᠯᠠᠭ᠋ᠠᠨᠴᠠᠪ᠎ᠤᠨ ᠴᠢᠭᠤᠯᠭ᠋ᠠᠨ᠎ᠤ ᠴᠠᠭᠳᠠᠭ᠋ᠠᠨ ᠶᠠᠪᠤᠳᠠᠯ᠎ᠤᠨ ᠲᠢᠩᠭᠢᠮ᠎ᠤᠨ ᠲᠠᠷᠤᠭ᠎ᠠ᠎ᠪᠠᠷ ᠲᠤᠮᠢᠯᠠᠭᠳᠠᠪᠡ᠃ ᠤᠳᠠᠭᠰᠠᠨ ᠦᠭᠡᠢ ᠶᠠᠫᠤᠨ ᠴᠡᠷᠢᠭ ᠲᠤᠮᠳᠠᠳᠤ ᠤᠯᠤᠰ᠎ᠢ ᠲᠦᠷᠢᠮᠡᠭᠡᠶ᠋ᠢᠯᠡᠨ᠂ ᠰᠦᠢ᠍ᠶᠦᠸᠠᠨᠤ ᠶᠡᠬᠡᠩᠭᠢ ᠬᠡᠰᠡᠭ᠎ᠨᠢ ᠡᠵᠡᠯᠡᠭᠳᠡᠵᠤ᠂ ᠪᠠᠷᠠᠭᠤᠨ ᠵᠠᠮ᠎ᠤᠨ ᠬᠤᠳᠠᠯᠳᠤᠭ᠋ᠠᠴᠢᠨ ᠢᠷᠡᠭᠦ ᠦᠬᠡᠢ ᠪᠤᠯᠵᠤ᠂ ᠵᠠᠮ ᠴᠠᠭᠳᠠᠨ ᠠᠷᠠᠯᠵᠢᠶᠠᠴᠢᠨ ᠢ ᠬᠠᠮᠠᠭ᠋ᠠᠯᠠᠬᠤ ᠠᠵᠢᠯ ᠵᠤᠭᠰᠤᠩᠭᠤᠢ ᠪᠠᠶ᠋ᠢᠳᠠᠯ᠎ᠳᠤ ᠤᠷᠤᠪᠡ᠃ ᠲᠡᠷᠡ ᠲᠤᠮᠳᠠᠳᠤ ᠬᠦᠩ᠎ᠤᠨ ᠬᠤᠰᠢᠭᠤᠨ᠎ᠳᠤ ᠵᠠᠮ ᠴᠠᠭᠳᠠᠨ ᠠᠷᠠᠯᠵᠢᠶᠠᠴᠢᠨ᠎ᠢ ᠬᠠᠮᠠᠭ᠋ᠠᠯᠠᠭᠰᠠᠨ ᠶᠢᠰᠤᠨ ᠵᠢᠯ᠎ᠤᠨ ᠲᠤᠷᠰᠢ 29 ᠲᠦᠮᠡᠨ ᠮᠦᠩᠭᠦᠨ ᠵᠤᠭᠤᠰᠤᠨ᠎ᠤ ᠭᠠᠶ᠋ᠢᠯᠢ ᠬᠤᠷᠢᠶᠠᠭ᠋ᠠᠳ ᠭᠤᠷᠪᠠᠨ᠎ᠤ ᠨᠢᠭᠡ ᠵᠢ᠎ᠨᠢ ᠴᠡᠷᠢᠭ᠎ᠤᠨ ᠵᠠᠷᠤᠳᠠᠯ᠎ᠳᠤ ᠬᠡᠷᠡᠭᠯᠡᠵᠤ᠂ ᠭᠤᠷᠪᠠᠨ᠎ᠤ ᠬᠤᠶᠠᠷ᠎ᠢ᠎ᠨᠢ ᠨᠤᠶᠠᠨ ᠰᠠᠩ᠎ᠳᠤ ᠲᠤᠰᠢᠶᠠᠭᠰᠠᠨ ᠪᠢᠯᠡ᠃ ᠲᠠᠷᠡ ᠪᠠᠰᠠ ᠲᠤᠰᠢᠶᠠᠭᠰᠠᠨ ᠭᠠᠶ᠋ᠢᠯᠢ ᠵᠢᠨ ᠵᠤᠭᠤᠰ ᠵᠶ᠋ᠠᠷ 7 ᠮᠠᠰᠢᠨ ᠲᠡᠷᠭᠡ ᠬᠤᠳᠠᠯᠳᠤᠨ ᠠᠪᠴᠦ ᠲᠡᠭᠡᠭᠡᠪᠤᠷᠢ ᠬᠢᠵᠤ᠂ 8 ᠲᠦᠮᠡᠨ ᠲᠦᠭᠦᠷᠢᠭ᠎ᠤᠨ ᠴᠡᠪᠡᠷ ᠤᠷᠤᠯᠭ᠎ᠠ ᠵᠢ ᠴᠦᠮ ᠨᠤᠶᠠᠨ ᠰᠠᠩ᠎ᠳᠤ ᠲᠤᠰᠢᠶᠠᠭᠰᠠᠨ ᠶᠤᠮ᠃ 1938 — 1940 ᠤᠨ ᠪᠤᠯᠳᠠᠯ᠎ᠠ ᠲᠡᠷᠡ ᠬᠠᠭᠤᠷᠮᠠᠭ ᠤᠯᠠᠭ᠋ᠠᠨᠴᠠᠪ᠎ᠤᠨ ᠴᠢᠭᠤᠯᠭ᠋ᠠᠨ᠎ᠤ ᠠᠮᠤᠷ᠎ᠢ ᠬᠠᠮᠠᠭ᠋ᠠᠯᠠᠬᠤ ᠠᠩᠭᠢ ᠵᠢᠨ ᠲᠠᠷᠤᠭ᠎ᠠ᠎ᠪᠠᠷ ᠲᠤᠮᠢᠯᠠᠭᠳᠠᠨ᠂ 1941 ᠤᠨ᠎ᠳᠤ ᠲᠡᠭᠦᠨ᠎ᠤ ᠲᠤᠷᠠᠳᠤᠯᠭ᠎ᠠ᠎ᠪᠠᠷ ᠠᠮᠢᠳᠤᠷᠠᠯ᠎ᠤᠨ ᠬᠤᠷᠰᠢᠶᠠᠨ᠎ᠠᠴᠠ ᠨᠢᠬᠡ ᠲᠦᠮᠡᠨ ᠲᠦᠭᠦᠷᠡᠭ᠎ᠤᠨ ᠬᠠᠭᠤᠷᠮᠠᠭ ᠮᠤᠩᠭᠤᠯ ᠵᠤᠭᠤᠰ ᠭᠠᠷᠭ᠋ᠠᠵᠤ᠂ ᠡᠮᠴᠢ ᠵᠠᠯᠠᠵᠤ ᠡᠮ ᠤᠷᠤᠭᠤᠯᠤᠨ᠂ ᠮᠤᠨᠠ ᠵᠢᠨ ᠠᠷᠤ ᠵᠢᠨ ᠤᠷᠤᠨ᠎ᠳᠤ ᠲᠡᠯᠭᠡᠷᠡᠵᠤ ᠪᠠᠶ᠋ᠢᠭᠰᠠᠨ ᠲᠠᠮᠪᠤᠤ ᠪᠠ ᠴᠡᠴᠡᠭ ᠡᠪᠡᠳᠴᠢᠨ᠎ᠢ ᠡᠮᠴᠢᠯᠡᠨ ᠵᠠᠰᠠᠵᠤ ᠦᠨᠳᠤᠰᠤᠨ᠎ᠳᠡᠭᠡᠨ ᠬᠢᠵᠠᠭ᠋ᠠᠷᠯᠠᠵᠤ ᠴᠢᠳᠡᠪᠡ᠃ 1944 ᠤᠨ᠎ᠳᠤ ᠬᠠᠭᠤᠷᠮᠠᠭ ᠮᠤᠩᠭᠤᠯ᠎ᠤᠨ ᠵᠠᠰᠠᠭ᠎ᠤᠨ ᠭᠠᠵᠠᠷ᠎ᠠᠴᠠ ᠲᠡᠭᠦᠨ᠎ᠢ ᠤᠯᠠᠭ᠋ᠠᠨᠴᠠᠪ᠎ᠤᠨ ᠴᠢᠭᠤᠯᠭ᠋ᠠᠨ᠎ᠤ ᠦᠢ᠍ᠯᠡᠳᠪᠦᠷᠢ ᠬᠤᠳᠠᠯᠳᠤᠭ᠎ᠠ ᠵᠢᠨ ᠭᠠᠵᠠᠷ ᠤᠨ ᠲᠠᠷᠤᠭ᠎ᠠ᠎ᠪᠠᠷ ᠲᠤᠮᠢᠯᠠᠬᠤ᠎ᠳᠤ ᠲᠡᠷᠡ ᠤᠴᠢᠭᠰᠠᠨ ᠦᠬᠡᠢ᠃ 1945 ᠤᠨ᠎ᠳᠤ ᠶᠠᠫᠤᠨ ᠪᠠᠭᠤᠵᠤ ᠦᠭᠭᠦᠭᠰᠡᠨ᠎ᠤ ᠬᠤᠶ᠋ᠢᠨ᠎ᠠ᠂ ᠲᠡᠷᠡ ᠲᠤᠮᠳᠠᠳᠤ ᠭᠦᠩ᠎ᠤᠨ ᠬᠤᠰᠢᠭᠤᠨ᠎ᠤ ᠠᠮᠤᠷ᠎ᠢ ᠬᠠᠮᠠᠭ᠋ᠠᠯᠠᠬᠤ ᠠᠩᠭᠢ ᠵᠢᠨ ᠨᠢᠭᠡᠳᠤᠭᠡᠷ ᠶᠡᠭᠡ ᠠᠩᠭᠢ (ᠠᠭᠤᠯᠠᠨ ᠠᠷᠤ ᠵᠢᠨ ᠶᠡᠭᠡ ᠠᠩᠭᠢ) ᠵᠢᠨ ᠬᠤᠷᠠᠩᠳᠡ ᠶᠡᠭᠡ ᠠᠩᠭᠢ ᠵᠢᠨ ᠲᠠᠷᠤᠭ᠎ᠠ ᠪᠦᠭᠡᠳ ᠠᠮᠢᠳᠤᠷᠠᠯ᠎ᠤᠨ ᠬᠤᠷᠰᠢᠶᠠᠨ᠎ᠤ ᠬᠡᠷᠡᠭ ᠡᠷᠬᠢᠯᠡᠭᠴᠢ᠎ᠪᠠᠷ ᠲᠤᠮᠢᠯᠠᠭᠳᠠᠪᠡ᠃ 1946 ᠤᠨ᠎ᠤ 11 ᠳ᠋ᠤᠭᠡᠷ ᠰᠠᠷ᠎ᠠ᠎ᠳᠤ ᠭᠤᠮᠢᠨᠳᠠᠩ ᠨᠠᠮ᠎ᠳᠤ ᠤᠷᠤᠵᠤ᠂ ᠤᠷᠢᠳ ᠬᠤᠵᠢᠳ ᠰᠦᠢ᠍ᠶᠦᠸᠠᠨ ᠮᠤᠵᠢ ᠵᠢᠨ ᠬᠤᠶ᠋ᠢᠰᠢᠳᠠ ᠵᠢᠨ ᠶᠠᠪᠤᠳᠠᠯ᠎ᠢ ᠪᠠᠶ᠋ᠢᠴᠠᠭ᠋ᠠᠬᠤ ᠭᠠᠵᠠᠷ᠎ᠤᠨ ᠠᠵᠢᠯᠯᠠᠭᠴᠢ᠂ ᠰᠦᠢ᠍ᠶᠦᠸᠠᠨ ᠮᠤᠵᠢ ᠵᠢᠨ ᠬᠠᠷ᠎ᠠ ᠲᠡᠮᠡᠭᠢ ᠴᠠᠭ᠋ᠠᠵᠠᠯᠠᠨ ᠪᠠᠶ᠋ᠢᠴᠠᠭ᠋ᠠᠬᠤ ᠲᠤᠩᠬᠠᠳᠠᠢ ᠵᠢᠨ ᠬᠡᠷᠡᠭ ᠡᠷᠬᠢᠯᠡᠭᠦ ᠭᠠᠵᠠᠷ᠎ᠤᠨ ᠠᠯᠪᠠᠳᠠᠨ᠂ ᠮᠤᠩᠭᠤᠯ ᠲᠦᠪᠡᠳ᠎ᠤᠨ ᠶᠠᠪᠤᠳᠠᠯ᠎ᠢ ᠵᠠᠰᠠᠬᠤ ᠶᠠᠮᠤᠨ᠎ᠤ ᠮᠤᠤᠮᠢᠩᠭ᠋ᠠᠨ ᠬᠤᠰᠢᠭᠤᠳᠤ ᠰᠠᠭᠤᠭ᠎ᠠ ᠲᠤᠰᠬᠠᠢ ᠡᠯᠴᠢ ᠵᠡᠷᠬᠡ ᠵᠢᠨ ᠲᠤᠰᠢᠶᠠᠯ᠎ᠳᠤ ᠲᠤᠮᠢᠯᠠᠬᠳᠠᠬᠰᠠᠨ ᠶᠤᠮ᠃
1949 ᠤᠨ᠎ᠤ ᠨᠠᠮᠤᠷ᠂ ᠲᠡᠷᠡ ᠪᠠᠳᠤᠪᠢᠯᠢᠭ᠌ ᠲᠤᠰᠠᠯᠠᠭᠴᠢ ᠵᠢ ᠢᠳᠡᠪᠬᠢᠳᠡᠢ ᠬᠠᠪᠰᠤᠷᠴᠦ ᠤᠷᠤᠨ ᠨᠤᠳᠤᠭ᠎ᠤᠨ ᠠᠮᠤᠷ ᠲᠦᠪᠰᠢᠨ᠎ᠢ ᠬᠠᠮᠠᠭ᠋ᠠᠯᠠᠨ᠂ ᠬᠤᠷᠰᠢᠶᠠᠨ ᠤ ᠡᠳ᠋ ᠭᠦᠷᠦᠩᠭᠡ ᠵᠢ ᠬᠠᠮᠠᠭ᠋ᠠᠯᠠᠨ ᠰᠠᠬᠢᠵᠤ᠂ ᠲᠤᠮᠳᠠᠳᠤ ᠬᠦᠩ᠎ᠤᠨ ᠬᠤᠰᠢᠭᠤᠨ᠎ᠤ ᠨᠠᠶ᠋ᠢᠷᠠᠮᠳᠠᠯ ᠵᠶ᠋ᠠᠷ ᠴᠢᠯᠤᠭᠡᠯᠡᠭᠦ ᠶᠠᠪᠤᠳᠠᠯ᠎ᠢ ᠤᠭᠳᠤᠬᠤ᠎ᠳᠤ ᠵᠤᠬᠢᠬᠤ ᠬᠤᠪᠢ ᠨᠡᠮᠡᠷᠢ᠎ᠪᠠᠨ ᠦᠵᠡᠭᠦᠯᠪᠡ᠃ 1950 ᠤᠨ᠎ᠤ 7 ᠳ᠋ᠤᠭ᠋ᠠᠷ ᠰᠠᠷ᠎ᠠ᠎ᠳᠤ᠂ ᠤᠷᠠᠳ᠎ᠤᠨ ᠲᠤᠮᠳᠠᠳᠤ ᠬᠤᠰᠢᠭᠤᠨ᠎ᠤ ᠠᠷᠠᠳ᠎ᠤᠨ ᠵᠠᠰᠠᠭ᠎ᠤᠨ ᠤᠷᠳᠤᠨ ᠪᠠᠶ᠋ᠢᠭᠤᠯᠤᠭᠳᠠᠬᠤ ᠳᠤ᠂ ᠲᠡᠷᠡ ᠬᠤᠰᠢᠭᠤᠨ᠎ᠤ ᠡᠳ᠋᠎ᠤᠨ ᠶᠠᠪᠤᠳᠠᠯ᠎ᠤᠨ ᠰᠠᠯᠠᠭ᠋ᠠᠨ᠎ᠤ ᠲᠠᠷᠤᠭ᠎ᠠ᠎ᠪᠠᠷ ᠲᠤᠮᠢᠯᠠᠭᠳᠠᠭᠰᠨᠨᠤ ᠬᠠᠮᠳᠤ ᠠᠮᠢᠳᠤᠷᠠᠯ᠎ᠤᠨ ᠬᠤᠷᠰᠢᠶᠠᠨ᠎ᠤ ᠭᠦᠷᠦᠩᠭᠡ ᠮᠦᠩᠭᠦ ᠵᠢ ᠠᠷᠠᠳ᠎ᠤᠨ ᠵᠠᠰᠠᠭ᠎ᠤᠨ ᠤᠷᠳᠤᠨ᠎ᠳᠤ ᠲᠤᠰᠢᠶᠠᠬᠤ ᠠᠵᠢᠯ᠎ᠢ ᠬᠠᠷᠢᠭᠤᠴᠠᠵᠤ᠂ ᠬᠤᠰᠢᠭᠤᠨ᠎ᠤ ᠬᠠᠩᠭ᠋ᠠᠨ ᠪᠤᠷᠤᠯᠠᠭᠤᠯᠬᠤ ᠬᠤᠷᠰᠢᠶ᠎ᠠ ᠵᠢ ᠪᠠᠶ᠋ᠢᠭᠤᠯᠤᠨ᠂ ᠦᠨᠳᠤᠰᠤᠳᠡᠨ ᠤ ᠠᠵᠤ ᠠᠬᠤᠢ ᠵᠢ ᠭᠦᠭᠵᠢᠬᠦᠯᠬᠦ᠎ᠳᠤ ᠴᠢᠬᠤᠯᠠ ᠤᠶ᠋ᠢᠯᠡᠳᠤᠯ ᠵᠶ᠋ᠠᠨ ᠦᠵᠡᠭᠦᠯᠦᠭᠰᠡᠨ ᠶᠤᠮ᠃ 1952 ᠤᠨ᠎ᠤ ᠬᠠᠪᠤᠷ᠂ ᠲᠡᠷᠡ 《ᠭᠤᠷᠪᠡ ᠵᠢ ᠡᠰᠡᠷᠭᠦᠴᠡᠭᠦ》 ᠭᠦᠳᠡᠯᠭᠡᠭᠡᠨ᠎ᠤ ᠲᠤᠮᠳᠠ ᠴᠤᠬᠢᠯᠳᠠ ᠤᠯᠵᠤ᠂ ᠬᠢᠨᠠᠨ ᠪᠠᠶ᠋ᠢᠴᠠᠭ᠋ᠠᠳ ᠤᠴᠢᠷ ᠦᠬᠡᠢ ᠪᠤᠯᠬᠤᠷ ᠤᠯᠠᠭ᠋ᠠᠨᠴᠠᠪ ᠠᠶ᠋ᠢᠮᠠᠭ᠎ᠤᠨ ᠵᠠᠬᠢᠷᠭ᠋ᠠᠨ᠎ᠤ ᠨᠠᠷᠢᠨ ᠪᠢᠴᠢᠭᠡᠴᠢ ᠵᠢᠨ ᠭᠠᠵᠠᠷ᠎ᠤᠨ ᠶᠠᠷᠤᠩᠭᠡᠢ ᠶᠠᠪᠤᠳᠠᠯ᠎ᠤᠨ ᠰᠠᠯᠠᠭ᠋ᠠᠨ᠎ᠤ ᠲᠠᠷᠤᠭ᠎ᠠ᠎ᠪᠠᠷ ᠰᠢᠯᠵᠢᠬᠦᠯᠤᠨ ᠲᠤᠮᠢᠯᠠᠪᠡ᠃ 1956 ᠤᠨ᠎ᠳᠤ᠂ ᠲᠡᠷᠡ ᠤᠷᠠᠳ᠎ᠤᠨ ᠲᠤᠮᠳᠠᠳᠤ ᠬᠤᠶ᠋ᠢᠳᠤ ᠬᠤᠯᠪᠤᠭ᠋ᠠᠳᠤ ᠬᠤᠰᠢᠭᠤᠨ᠎ᠳᠤ ᠰᠢᠯᠵᠢᠨ ᠢᠷᠡᠵᠤ᠂ ᠬᠠᠯᠢᠭᠤᠳᠤ ᠵᠢᠨ ᠤᠯᠤᠰ ᠬᠤᠪᠢ ᠬᠤᠷᠰᠢᠭᠰᠠᠨ ᠮᠠᠯᠵᠢᠯ᠎ᠤᠨ ᠲᠠᠯᠠᠪᠡᠢ ᠵᠢ ᠪᠡᠯᠡᠳᠭᠡᠨ ᠪᠠᠶ᠋ᠢᠭᠤᠯᠤᠭᠰᠠᠨ ᠤ ᠬᠠᠮᠳᠤ ᠲᠡᠯᠠᠪᠡᠢ ᠵᠢᠨ ᠲᠠᠷᠤᠭ᠎ᠠ᠎ᠪᠠᠷ ᠲᠤᠮᠢᠯᠠᠭᠳᠠᠪᠡ᠃ 1959 ᠤᠨ᠎ᠳᠤ ᠤᠩᠭᠤᠨ ᠨᠢᠭᠡᠳᠤᠯ᠎ᠤᠨ ᠲᠡᠳ᠋ ᠲᠠᠷᠤᠭ᠎ᠠ᠎ᠪᠠᠷ ᠲᠤᠮᠢᠯᠭ᠌ᠳᠠᠨ᠂ 1960 ᠤᠨ᠎ᠳᠤ ᠬᠤᠰᠢᠭᠤᠨ᠎ᠤ ᠤᠢ ᠰᠢᠭᠤᠢ ᠵᠢᠨ ᠲᠤᠪᠴᠢᠶᠠᠨ᠎ᠤ ᠲᠡᠳ᠋ ᠲᠠᠷᠤᠭ᠎ᠠ ᠪᠤᠯᠵᠠᠢ᠃ 1961 — 1966 ᠤᠨ ᠪᠤᠯᠳᠠᠯ᠎ᠠ ᠬᠤᠰᠢᠭᠤᠨ᠎ᠤ ᠭᠤᠷᠪᠠᠳᠤᠭ᠋ᠠᠷ᠂ ᠲᠦᠷᠪᠡᠳᠤᠭᠡᠷ ᠬᠤᠭᠤᠴᠠᠭ᠋ᠠᠨ᠎ᠤ ᠤᠯᠤᠰ ᠲᠦᠷᠦ ᠵᠢᠨ ᠵᠦᠪᠯᠡᠯᠭᠡᠨ᠎ᠤ ᠪᠠᠶ᠋ᠢᠩᠭᠤ ᠵᠢᠨ ᠭᠡᠰᠢᠭᠦᠨ᠂ ᠲᠡᠳ᠋ ᠨᠠᠷᠢᠨ ᠪᠢᠴᠢᠭ᠎ᠤᠨ ᠲᠠᠷᠤᠭ᠎ᠠ᠎ᠪᠠᠷ ᠲᠤᠮᠢᠯᠠᠭᠳᠠᠵᠤ᠂ 1981 — 1988 ᠤᠨ ᠪᠤᠯᠳᠠᠯ᠎ᠠ ᠤᠷᠢᠳ ᠬᠤᠵᠢᠳ ᠬᠤᠰᠢᠭᠤᠨ᠎ᠤ ᠲᠠᠪᠤᠳᠤᠭ᠋ᠠᠡᠷ᠂ ᠵᠢᠷᠭᠤᠳᠤᠭ᠋ᠠᠷ᠂ ᠲᠤᠯᠤᠳᠤᠭ᠋ᠠᠷ ᠬᠤᠭᠤᠴᠠᠭ᠋ᠠᠨ᠎ᠤ ᠤᠯᠤᠰ ᠲᠦᠷᠦ ᠵᠢᠨ ᠵᠦᠪᠯᠡᠯᠭᠡᠨ᠎ᠤ ᠪᠠᠶ᠋ᠢᠩᠭᠤ ᠵᠢᠨ ᠭᠡᠰᠢᠭᠦᠨ᠂ ᠲᠡᠳ᠋ ᠲᠡᠷᠢᠭᠦᠯᠡᠭᠴᠢ᠎ᠪᠠᠷ ᠲᠤᠮᠢᠯᠠᠭᠳᠠᠨ᠂ 1980 — 1988 ᠤᠨ ᠪᠤᠯᠳᠠᠯ᠎ᠠ ᠪᠠᠶᠠᠨᠨᠠᠭᠤᠷ ᠠᠶ᠋ᠢᠮᠠᠭ᠎ᠤᠨ ᠤᠯᠤᠰ ᠲᠦᠷᠦ ᠵᠢᠨ ᠵᠦᠪᠯᠡᠯᠭᠡᠨ᠎ᠤ ᠪᠠᠶ᠋ᠢᠩᠭᠤ ᠬᠡᠰᠢᠭᠦᠨ ᠵᠢᠨ ᠪᠤᠯᠤᠭᠰᠠᠨ ᠪᠢᠯᠡ᠃
1988 ᠤᠨ᠎ᠤ 6 ᠳ᠋ᠤᠭ᠋ᠠᠷ ᠰᠠᠷ᠎ᠠ ᠵᠢᠨ 24᠎ᠤ ᠡᠳᠤᠷ᠂ ᠡᠪᠡᠳᠴᠢᠨ ᠵᠶ᠋ᠠᠷ ᠬᠠᠯᠢᠭᠤᠳᠤ᠎ᠳᠤ ᠨᠠᠰᠤ ᠪᠠᠷᠠᠵᠠᠢ᠃
《ᠤᠷᠠᠳ᠎ᠤᠨ ᠲᠤᠮᠳᠠᠳᠤ ᠬᠤᠰᠢᠭᠤᠨ᠎ᠤ ᠤᠶ᠋ᠢᠯᠠᠯᠭᠠ》᠎ᠠᠴᠠ ᠪᠠᠭᠤᠯᠭ᠋ᠠᠪᠠ
ᠢᠷᠡᠯᠲᠡ᠄ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ