ᠤᠷᠠᠳ ᠨᠤᠳᠤᠭ᠎ᠤᠨ ᠠᠭᠤᠷᠬᠠᠢ ᠵᠢᠨ ᠭᠠᠷᠤᠯᠲᠠ
ᠨᠡᠶ᠋ᠢᠲᠡᠯᠡᠭᠰᠡᠨ ᠴᠠᠭ᠄ 2024-08-27
ᠤᠷᠠᠳ ᠨᠤᠳᠤᠭ᠎ᠤᠨ ᠠᠯᠳᠠᠨ ᠬᠠᠷᠭᠤᠨ᠎ᠠ ᠠᠭᠤᠯᠠ᠎ᠨᠢ ᠲᠡᠭᠷᠢ ᠠᠭᠤᠯᠠ ᠵᠢᠨ ᠵᠡᠭᠦᠨᠰᠢ ᠪᠠᠷᠠᠭᠤᠨᠰᠢ ᠴᠢᠭᠯᠡᠯ᠎ᠲᠠᠢ ᠪᠤᠳᠤᠯᠢᠶᠠᠨᠲᠤ ᠭᠠᠵᠠᠷ᠎ᠤᠨ ᠪᠦᠲᠦᠴᠡ ᠵᠢᠨ ᠳᠤᠮᠳᠠᠳᠤ ᠪᠦᠰᠡᠯᠡᠬᠦᠷ᠎ᠲᠤ ᠤᠷᠤᠰᠢᠵᠤ ᠪᠠᠶ᠋ᠢᠳᠠᠭ᠎ᠠᠴᠠ ᠭᠠᠵᠠᠷ᠎ᠤᠨ ᠳᠠᠪᠬᠤᠷᠭ᠎ᠠ ᠵᠢᠨ ᠪᠣᠶ᠋ᠢᠵᠢᠯᠲᠡ ᠪᠦᠷᠢᠨ᠂ ᠮᠠᠭᠮᠠ ᠵᠢᠨ ᠬᠦᠳᠡᠯᠭᠡᠭᠡᠨ ᠢᠳᠡᠪᠬᠢᠲᠡᠢ᠂ ᠭᠠᠵᠠᠷ᠎ᠤᠨ ᠳᠠᠪᠬᠤᠷᠭ᠎ᠠ ᠵᠢᠨ ᠪᠦᠳᠦᠴᠡ ᠪᠤᠳᠤᠯᠢᠶᠠᠨᠲᠠᠢ ᠵᠡᠷᠭᠡ ᠭᠠᠵᠠᠷ ᠵᠦᠢ ᠵᠢᠨ ᠲᠤᠳᠤᠷᠬᠠᠢ ᠣᠨᠴᠠᠯᠢᠭ᠎ᠲᠠᠢ ᠪᠣᠯᠵᠤ ᠪᠠᠯᠠᠷ ᠡᠷᠲᠡᠨ᠎ᠤ ᠪᠦᠯᠦᠭ᠂ ᠡᠷᠲᠡᠨ᠎ᠤ ᠠᠮᠢᠳᠤ ᠪᠤᠳᠠᠰ ᠤᠨ ᠪᠦᠯᠦᠭ᠂ ᠲᠤᠮᠳᠠᠳᠤ ᠡᠷᠲᠡᠨ᠎ᠤ ᠠᠮᠢᠳᠤ ᠪᠤᠳᠠᠰ᠎ᠤᠨ ᠦᠶ᠎ᠡ ᠵᠢᠨ ᠪᠣᠶ᠋ᠢᠵᠢᠯᠲᠠ ᠵᠢ ᠲᠠᠮᠵᠢᠭ᠋ᠠᠳ ᠠᠭᠤᠷᠬᠠᠢ ᠵᠢᠨ ᠪᠤᠯᠠᠭᠳᠠᠴᠠ᠎ᠪᠠᠷ ᠲᠣᠶ᠋ᠢᠯ᠎ᠤᠨ ᠪᠠᠶᠠᠯᠢᠭ ᠣᠷᠤᠨ ᠪᠣᠯᠵᠠᠢ᠃ ᠪᠦᠷᠢᠨ ᠪᠤᠰᠤ ᠪᠦᠷᠢᠳᠭᠡᠯ᠎ᠢ ᠦᠨᠳᠦᠰᠦᠯᠡᠪᠡᠯ᠂ 1985 ᠣᠨ ᠪᠤᠯᠳᠠᠯ᠎ᠠ᠂ ᠤᠷᠠᠳ ᠨᠤᠳᠤᠭ᠎ᠠᠴᠠ ᠣᠯᠳᠠᠭᠰᠠᠨ ᠡᠯ᠎ᠡ ᠵᠦᠢ᠍ᠯ᠎ᠤᠨ ᠬᠦᠳᠡᠷ᠎ᠤᠨ ᠬᠡᠪᠲᠡᠰᠢ ᠪᠠ ᠬᠦᠳᠡᠷ᠎ᠤᠨ ᠴᠢᠭ᠎ᠤᠳ 431 ᠪᠠᠶ᠋ᠢᠵᠤ᠂ ᠲᠡᠭᠦᠨ᠎ᠤ ᠲᠤᠳᠤᠷ᠎ᠠ ᠶᠡᠭᠡ ᠬᠡᠮᠵᠢᠶᠡᠨ᠎ᠤ ᠬᠦᠳᠡᠷ᠎ᠤᠨ ᠬᠡᠪᠲᠡᠰᠢ 7᠂ ᠲᠤᠮᠳᠠ ᠬᠡᠮᠵᠢᠶᠡᠨ᠎ᠤ ᠬᠦᠳᠡᠷ᠎ᠤᠨ ᠬᠡᠪᠲᠡᠰᠢ 45᠂ ᠪᠠᠭ᠎ᠠ ᠬᠡᠮᠵᠢᠶᠡᠨ᠎ᠤ ᠬᠦᠳᠡᠷ᠎ᠤᠨ ᠬᠡᠪᠲᠡᠰᠢ 100᠂ ᠬᠦᠲᠡᠷ᠎ᠤᠨ ᠴᠢᠭ᠎ᠤᠳ 249 ᠪᠠᠶ᠋ᠢᠨ᠎ᠠ᠃ ᠪᠦᠬᠦ ᠤᠯᠤᠰ᠎ᠲᠤ ᠠᠯᠳᠠᠷᠳᠠᠢ ᠬᠤᠶᠠᠷ ᠪᠤᠭᠳᠠ — ᠴᠠᠭ᠋ᠠᠰᠤ᠎ᠲᠠᠢ ᠠᠭᠤᠯᠠ ᠵᠢᠨ ᠣᠯᠠᠨ ᠲᠡᠮᠦᠷᠯᠢᠭ᠎ᠲᠦ ᠪᠤᠯᠪᠠᠰᠤᠷᠠᠭᠰᠠᠨ ᠬᠦᠳᠡᠷ᠎ᠤᠨ ᠪᠦᠰᠡᠨ᠎ᠳᠤ ᠭᠠᠤᠯᠢ᠂ ᠲᠤᠭᠤᠯᠭ᠎ᠠ᠂ ᠴᠠᠶ᠋ᠢᠷ᠂ ᠬᠦᠬᠦᠷ᠎ᠤᠨ ᠬᠦᠳᠡᠷ᠎ᠤᠨ ᠬᠡᠪᠲᠡᠰᠢ ᠠᠭᠤᠯᠤᠭᠳᠠᠵᠤ ᠪᠠᠶ᠋ᠢᠨ᠎ᠠ᠃ ᠦᠪᠦᠷ ᠮᠣᠩᠭᠤᠯ᠎ᠳᠤ ᠠᠯᠳᠠᠷᠳᠠᠢ ᠲᠠᠪᠤᠨ ᠶᠡᠭᠡ ᠬᠦᠬᠦᠷᠲᠦ ᠣᠯᠠᠨ ᠲᠡᠮᠦᠷᠯᠢᠭ ᠠᠭᠤᠯᠤᠭᠰᠠᠨ ᠬᠦᠳᠡᠷ᠎ᠤᠨ ᠬᠡᠪᠲᠡᠰᠢ ᠳᠠᠷᠤᠢ ᠤᠷᠠᠳ᠎ᠤᠨ ᠬᠤᠶ᠋ᠢᠲᠤ ᠬᠤᠰᠢᠭᠤᠨ᠎ᠤ ᠬᠦᠭᠴᠦ ᠵᠢᠨ ᠤᠯᠠᠨ ᠲᠠᠮᠦᠷᠯᠢᠭ᠎ᠲᠦ ᠭᠠᠤᠯᠢ ᠵᠢᠨ ᠬᠦᠳᠡᠷ᠎ᠤᠨ ᠬᠡᠪᠲᠡᠰᠢ (ᠪᠦᠬᠦ ᠤᠯᠤᠰ᠎ᠤᠨ 6 ᠶᠡᠭᠡ ᠭᠠᠤᠯᠢ ᠵᠢᠨ ᠠᠭᠤᠷᠬᠠᠢ ᠵᠢᠨ ᠨᠢᠭᠡ ᠪᠤᠯᠤᠨ᠎ᠠ) ᠵᠢᠨ ᠣᠳᠣ ᠨᠢᠭᠡᠨᠲᠡ ᠣᠯᠵᠤ ᠮᠡᠳᠡᠭᠰᠡᠨ ᠭᠠᠤᠯᠢ ᠵᠢᠨ ᠬᠠᠲᠠᠭ᠋ᠠᠯᠠᠮᠵᠢᠨᠢ 122.87 ᠲᠦᠮᠡᠨ ᠲᠤᠨ᠂ ᠴᠠᠶ᠋ᠢᠷ᠎ᠤᠨ ᠬᠠᠳᠠᠭ᠋ᠠᠯᠠᠮᠵᠢ᠎ᠨᠢ 768.47 ᠲᠦᠮᠡᠨ ᠲᠤᠨ᠂ ᠦᠪᠦᠷ ᠮᠣᠩᠭᠤᠯ᠎ᠤᠨ ᠭᠠᠤᠯᠢ᠂ ᠴᠠᠶ᠋ᠢᠷ᠎ᠤᠨ ᠬᠠᠳᠠᠭ᠋ᠠᠯᠠᠮᠵᠢ ᠵᠢᠨ 38 %᠂ 17 % ᠵᠢ ᠲᠤᠰ ᠲᠤᠰ ᠡᠵᠡᠯᠡᠵᠦ ᠪᠤᠢ᠃ ᠲᠤᠭᠤᠯᠭ᠎ᠠ ᠵᠢᠨ ᠬᠠᠳᠠᠭ᠋ᠠᠯᠠᠮᠵᠢ᠎ᠨᠢ 168.8 ᠲᠦᠮᠡᠨ ᠲᠤᠨ᠂ ᠬᠦᠬᠦᠷᠯᠢᠭ ᠲᠡᠮᠦᠷ᠎ᠤᠨ ᠬᠠᠳᠠᠭ᠋ᠠᠯᠠᠮᠵᠢ᠎ᠨᠢ 5.39 ᠳ᠋ᠦᠩᠰᠢᠭᠤᠷ ᠲᠤᠨ᠂ ᠪᠦᠬᠦ ᠤᠷᠤᠨ᠎ᠤ ᠬᠦᠬᠦᠷᠯᠢᠭ ᠲᠡᠮᠦᠷ᠎ᠤᠨ ᠬᠠᠳᠠᠭ᠋ᠠᠯᠠᠮᠵᠢ ᠵᠢᠨ 97% ᠵᠢ ᠡᠵᠡᠯᠡᠨ᠎ᠡ᠃ ᠤᠷᠠᠳ᠎ᠲᠤ ᠪᠠᠶ᠋ᠢᠭ᠎ᠠ ᠠᠭᠤᠷᠬᠠᠢ᠎ᠨᠢ ᠨᠡᠭᠦᠷᠡᠰᠦᠨ ᠠᠭᠤᠷᠬᠠᠢ 5᠂ ᠴᠢᠯᠠᠭᠤᠨ ᠲᠤᠰᠤᠨ᠎ᠤ ᠠᠭᠤᠷᠬᠠᠢ 2᠂ ᠬᠠᠷ᠎ᠠ ᠲᠡᠮᠦᠷ᠎ᠤᠨ ᠠᠭᠤᠷᠬᠠᠢ᠎ᠳᠤ ᠲᠡᠮᠦᠷ᠂ ᠰᠤᠷᠢᠨᠵᠢᠨ ᠬᠦᠷᠦ᠂ ᠤᠯᠠᠭ᠋ᠠᠨ ᠲᠡᠮᠦᠷ᠂ ᠬᠦᠷᠡᠩ ᠲᠡᠮᠦᠷ᠂ ᠲᠢᠲ᠋ᠠ — ᠰᠤᠷᠢᠨᠵᠢᠨ ᠬᠦᠷᠦ᠂ ᠪᠡᠷᠢ ᠲᠢᠲ᠋ᠠ — ᠰᠣᠷᠢᠨᠵᠢᠨ ᠲᠡᠮᠦᠷ᠂ ᠮᠠᠩᠭ᠋ᠠᠨ᠂ ᠾᠯᠤᠷᠲᠤ ᠲᠡᠮᠦᠷ ᠵᠡᠷᠭᠡ 7 ᠠᠭᠤᠷᠬᠠᠢ ᠪᠠᠶ᠋ᠢᠨ᠎ᠠ᠃ ᠦᠩᠭᠡᠲᠦ ᠲᠡᠮᠦᠷᠯᠢᠭ᠎ᠤᠨ ᠠᠭᠤᠷᠬᠠᠢ᠎ᠳᠤ ᠬᠦᠬᠦᠷᠯᠢᠭ ᠲᠡᠮᠦᠷ᠂ ᠬᠦᠳᠡᠷ᠎ᠤᠨ ᠬᠡᠪᠲᠡᠰᠢ 47 ᠪᠣᠢ᠃ ᠪᠠᠰᠠ ᠰᠢᠵᠢᠷ ᠠᠯᠲᠠ᠂ ᠠᠯᠲᠠ᠂ ᠮᠦᠩᠭᠦ ᠬᠢᠭᠡᠳ ᠬᠤᠯᠢᠮᠠᠯ᠂ ᠨᠠᠭ᠋ᠠᠯᠳᠤᠮᠠᠯ ᠬᠡᠯᠪᠡᠷᠢ᠎ᠪᠠᠷ ᠤᠷᠤᠰᠢᠬᠤ ᠬᠦᠬᠦᠷᠯᠢᠭ ᠲᠡᠮᠦᠷ ᠵᠡᠷᠭᠡ ᠪᠤᠢ᠃ ᠲᠡᠮᠦᠷᠯᠢᠭ ᠬᠠᠶ᠋ᠢᠯᠠᠭᠤᠯᠬᠤᠳᠤ ᠬᠡᠷᠡᠭᠯᠡᠬᠦ ᠮᠠᠲ᠋ᠧᠷᠢᠶᠠᠯ᠎ᠤᠨ ᠠᠭᠤᠷᠬᠠᠢ ᠨᠡᠶ᠋ᠢᠲᠡ 27 ᠪᠠᠶ᠋ᠢᠵᠤ᠂ ᠡᠬᠦᠨ᠎ᠳᠤ ᠬᠠᠶ᠋ᠢᠯᠤᠭᠤᠷ ᠵᠣᠩᠰᠢ᠂ ᠦᠭᠡᠬᠦᠨ ᠴᠢᠯᠠᠭᠤ᠂ ᠮᠠᠭᠨᠢ ᠵᠢᠨ ᠷᠤᠮᠪ᠂ ᠬᠦᠬᠡ ᠠᠯᠳᠠᠯᠢᠭ ᠴᠢᠯᠠᠭᠤ᠂ ᠪᠤᠯᠤᠷ᠂ ᠠᠯᠳᠠᠨ ᠭᠢᠯᠲᠠᠭ᠋ᠠᠨᠠᠭᠤᠷ᠂ ᠤᠯᠠᠭ᠋ᠠᠨ ᠪᠢᠳᠦᠷᠶ᠎ᠡ᠂ ᠬᠦᠬᠡ ᠪᠢᠳᠦᠷᠶ᠎ᠡ ᠪᠠ ᠭᠠᠷ ᠤᠷᠠᠯᠠᠯ᠎ᠤᠨ ᠴᠢᠯᠠᠭᠤ ᠵᠡᠷᠭᠡ ᠪᠤᠢ᠃
ᠮᠣᠩᠭᠤᠯ ᠲᠡᠤᠬᠡ ᠰᠤᠶᠤᠯ᠎ᠤᠨ ᠰᠤᠩᠭᠤᠳᠠᠭ ᠵᠣᠬᠢᠶᠠᠯ᠎ᠤᠨ ᠬᠦᠮᠦᠷᠭᠡ᠂
ᠵᠠᠩ ᠦᠢ᠍ᠯᠡ ᠵᠢᠨ ᠴᠤᠪᠤᠷᠠᠯ ᠪᠢᠴᠢᠭ 《ᠤᠷᠠᠳ ᠵᠠᠩ ᠦᠢ᠍ᠯᠡ》᠎ᠠᠴᠠ ᠪᠠᠭᠤᠯᠭ᠋ᠠᠪᠠ
ᠢᠷᠡᠯᠲᠡ᠄ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ