ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠤᠷᠠᠳ ᠨᠤᠳᠤᠭ᠎ᠤᠨ ᠡᠪᠡᠰᠦ ᠤᠷᠭᠤᠮᠠᠯ

ᠨᠡᠶ᠋ᠢᠲᠡᠯᠡᠭᠰᠡᠨ ᠴᠠᠭ᠄   2024-08-27

    ᠲᠤᠰᠬᠠᠢ ᠮᠡᠷᠭᠡᠵᠢᠯᠲᠡᠨ᠎ᠤ ᠪᠠᠶ᠋ᠢᠴᠠᠭ᠋ᠠᠨ ᠲᠤᠳᠤᠯᠠᠭᠰᠠᠨ ᠵᠶ᠋ᠠᠷ ᠤᠷᠠᠳ ᠨᠤᠲᠤᠭ᠎ᠲᠤ ᠨᠡᠶ᠋ᠢᠲᠡ 378 ᠲᠦᠷᠦᠯ᠎ᠳᠤ ᠬᠠᠷᠢᠶᠠᠯᠠᠭᠳᠠᠬᠤ 918 ᠵᠦᠢ᠍ᠯ᠎ᠤᠨ ᠵᠡᠷᠯᠢᠭ ᠤᠷᠭᠤᠮᠠᠯ᠎ᠤᠨ ᠢᠵᠠᠭᠤᠷ᠎ᠲᠤ ᠪᠠᠭᠳᠠᠳᠠᠭ᠂ ᠡᠭᠦᠨ᠎ᠠᠴᠠ ᠭᠠᠳᠠᠨ᠎ᠠ 36 ᠢᠵᠠᠭᠤᠷ᠎ᠲᠤ ᠪᠠᠭᠳᠠᠬᠤ 78 ᠲᠦᠷᠦᠯ᠎ᠤᠨ 178 ᠵᠦᠢ᠍ᠯ᠎ᠤᠨ ᠮᠤᠳᠤᠯᠢᠭ ᠤᠷᠭᠤᠮᠠᠯ ᠪᠠᠶ᠋ᠢᠳᠠᠭ᠃ ᠡᠳᠡᠭᠡᠷ ᠤᠷᠭᠤᠮᠠᠯ᠎ᠤᠨ ᠵᠠᠷᠢᠮ᠎ᠨᠢ ᠢᠳᠡᠰᠢ ᠨᠡᠷᠡᠬᠦ᠂ ᠪᠤᠷᠳᠤᠭ᠎ᠠ ᠬᠢᠬᠦ ᠵᠡᠷᠭᠡ ᠮᠠᠯ ᠠᠵᠤ ᠠᠬᠤᠢ ᠵᠢᠨ ᠦᠨ᠎ᠡ ᠦᠷᠲᠡᠭ᠎ᠲᠠᠢ᠂ ᠵᠠᠷᠢᠮ᠎ᠨᠢ ᠡᠮ᠎ᠳᠤ ᠤᠷᠤᠵᠤ ᠡᠪᠡᠳᠴᠢᠨ ᠵᠠᠰᠠᠬᠤ ᠡᠮᠴᠢᠯᠡᠭᠡᠨ᠎ᠤ ᠦᠨ᠎ᠡ ᠦᠷᠲᠡᠭ᠎ᠲᠠᠢ ᠪᠠᠶ᠋ᠢᠳᠠᠭ᠃ ᠪᠤᠳᠠᠳᠠᠢ᠎ᠪᠠᠷ ᠬᠡᠯᠡᠪᠡᠯ ᠠᠳᠤᠭᠤ ᠢᠳᠡᠬᠦ ᠲᠤᠷᠠᠲᠠᠢ ᠠᠭᠢ᠂ ᠴᠠᠭ᠋ᠠᠯᠵᠢ᠂ ᠪᠦᠵᠦᠨᠦᠦᠷ᠃ ᠲᠡᠮᠡᠭᠡ ᠢᠳᠡᠬᠦ ᠲᠤᠷᠠᠲᠠᠢ ᠪᠠᠭ᠋ᠠᠯᠤᠤᠷ᠂ ᠵᠠᠭ᠂ ᠪᠤᠲᠤᠷᠭ᠋ᠠᠨ᠎ᠠ᠂ ᠬᠠᠷᠭ᠋ᠠᠨ᠎ᠠ᠂ ᠴᠠᠬᠢᠯᠳᠠᠭ᠂ ᠰᠤᠨᠳᠤᠤᠯᠠ ᠪᠤᠷᠤᠯᠵᠠᠢ᠂ ᠰᠢᠷᠠᠯᠵᠢ᠃ ᠦᠬᠡᠷ ᠢᠳᠡᠬᠦ ᠲᠤᠷᠠᠲᠠᠢ ᠲᠡᠷᠡᠰᠦ᠂ ᠰᠣᠯᠢ᠂ ᠴᠠᠭ᠋ᠠᠯᠵᠢ᠂ ᠲᠠᠭ᠋ᠠᠨ᠎ᠠ᠃ ᠪᠤᠭ ᠮᠠᠯ ᠢᠳᠡᠬᠦ ᠲᠤᠷᠠᠲᠠᠢ ᠲᠡᠷᠡᠰᠦ᠂ ᠴᠠᠬᠢᠯᠳᠠᠭ᠂ ᠰᠣᠯᠢ᠂ ᠴᠠᠭ᠋ᠠᠯᠵᠢ᠂ ᠬᠦᠮᠡᠯᠢ ᠲᠠᠭ᠋ᠠᠨ᠎ᠠ᠂ ᠬᠠᠷ᠎ᠠ ᠪᠤᠳᠠ᠂ ᠲᠡᠮᠡᠭᠡᠨ ᠬᠦᠬᠦ᠂ ᠮᠦᠬᠦ᠂ ᠬᠠᠯᠠᠭ᠋ᠠᠢ ᠵᠡᠷᠭᠡ ᠢᠳᠡᠵᠦ ᠪᠤᠯᠬᠤ ᠤᠷᠭᠤᠮᠠᠯ ᠴᠦ᠍ ᠦᠷᠭᠡᠨ ᠬᠡᠪᠴᠢᠶ᠎ᠡ᠎ᠪᠠᠷ ᠤᠷᠭᠤᠳᠠᠭ᠃ ᠡᠭᠦᠨ᠎ᠠᠴᠠ ᠭᠠᠳᠠᠨ᠎ᠠ ᠵᠠᠭᠰᠠᠭ᠋ᠠᠯ᠂ ᠲᠤᠷᠯᠤᠭ ᠰᠦᠲᠦ ᠡᠪᠡᠰᠦ᠂ ᠬᠠᠮᠬᠤᠤᠯ᠂ ᠯᠣᠣᠯᠢ᠂ ᠭᠦᠢ᠍ᠯᠡᠰᠦ ᠮᠡᠲᠦ ᠵᠢᠨ ᠤᠷᠭᠤᠮᠠᠯ ᠴᠦ᠍ ᠦᠷᠭᠦᠯᠵᠢ ᠬᠠᠷᠠᠭᠳᠠᠳᠠᠭ ᠪᠠᠶ᠋ᠢᠨ᠎ᠠ᠃ ᠲᠡᠷᠡᠴᠢᠯᠡᠨ ᠬᠦᠯ ᠨᠢᠷᠤᠭᠤᠨ᠎ᠤ ᠡᠪᠡᠳᠴᠢᠨ ᠵᠠᠰᠠᠬᠤ ᠬᠠᠯᠠᠭᠤᠨ ᠷᠠᠰᠢᠶᠠᠨ᠎ᠳᠤ ᠬᠡᠷᠡᠭᠯᠡᠭᠳᠡᠳᠡᠭ ᠠᠷᠴᠠ᠂ ᠵᠡᠭᠡᠷᠭᠡᠨ᠎ᠡ᠂ ᠠᠭᠢ ᠵᠡᠷᠭᠡ ᠪᠠ ᠲᠡᠮᠡᠭᠡ ᠬᠠᠨᠢᠶᠠᠪᠠᠯ ᠴᠢᠨᠠᠵᠤ ᠦᠭᠳᠡᠭ ᠰᠦᠷᠭᠡᠤ ᠡᠪᠡᠰᠦ ᠭᠡᠬᠦ ᠮᠡᠲᠦ ᠡᠮ ᠲᠠᠩ᠎ᠳᠤ ᠤᠷᠤᠳᠠᠭ ᠡᠪᠡᠰᠦ ᠴᠦ᠍ ᠴᠦᠭᠡᠨ ᠪᠤᠰᠤ ᠵᠦᠢ᠍ᠯ ᠪᠠᠶ᠋ᠢᠳᠠᠭ᠃ ᠡᠳᠡᠭᠡᠷ᠎ᠠᠴᠠ ᠭᠠᠳᠠᠨ᠎ᠠ ᠤᠯᠠᠭ᠋ᠠᠨ ᠮᠤᠳᠤ᠂ ᠦᠩᠬᠡ ᠮᠤᠳᠤ᠂ ᠴᠠᠭ᠋ᠠᠨ ᠭᠤᠶᠤᠤ᠂ ᠬᠤᠨᠴᠢᠷ᠂ ᠤᠯᠠᠭ᠋ᠠᠨ ᠪᠣᠶ᠋ᠢᠯᠠᠰᠤ᠂ ᠲᠣᠣᠷᠠᠢ᠂ ᠤᠯᠢᠶᠠᠰᠤ ᠵᠡᠷᠭᠡ ᠤᠯᠤᠰ᠎ᠤᠨ ᠳᠡᠰ᠎ᠤᠨ ᠬᠠᠮᠠᠭ᠋ᠠᠯᠠᠯᠲᠠ ᠵᠢᠨ ᠤᠷᠭᠤᠮᠠᠯ᠎ᠤᠨ ᠲᠦᠷᠦᠯ ᠵᠦᠢ᠍ᠯ᠎ᠳᠤ ᠤᠷᠤᠭᠰᠠᠨ ᠡᠪᠡᠰᠦᠨ᠎ᠤ ᠵᠦᠢ᠍ᠯ ᠴᠦ᠍ ᠪᠠᠶ᠋ᠢᠳᠠᠭ᠃
                   ᠮᠣᠩᠭᠤᠯ ᠲᠡᠤᠬᠡ ᠰᠤᠶᠤᠯ᠎ᠤᠨ ᠰᠤᠩᠭᠤᠳᠠᠭ ᠵᠣᠬᠢᠶᠠᠯ᠎ᠤᠨ ᠬᠦᠮᠦᠷᠭᠡ᠂
                   ᠵᠠᠩ ᠦᠢ᠍ᠯᠡ ᠵᠢᠨ ᠴᠤᠪᠤᠷᠠᠯ ᠪᠢᠴᠢᠭ 《ᠤᠷᠠᠳ ᠵᠠᠩ ᠦᠢ᠍ᠯᠡ》᠎ᠠᠴᠠ ᠪᠠᠭᠤᠯᠭ᠋ᠠᠪᠠ

ᠢᠷᠡᠯᠲᠡ᠄ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ