ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠤᠷᠠᠳ ᠨᠤᠳᠤᠭ᠎ᠤᠨ ᠠᠮᠢᠲᠠᠨ ᠭᠦᠷᠦᠭᠡᠰᠦ

ᠨᠡᠶ᠋ᠢᠲᠡᠯᠡᠭᠰᠡᠨ ᠴᠠᠭ᠄   2024-08-27

    ᠤᠷᠠᠳ ᠨᠤᠳᠤᠭ᠎ᠨᠢ ᠴᠦᠯᠯᠡᠷᠬᠡᠭ᠂ ᠠᠭᠤᠯᠠᠷᠬᠠᠭ᠂ ᠴᠢᠭᠢᠭᠯᠢᠭ ᠵᠡᠷᠭᠡ ᠠᠳᠠᠯᠢ ᠪᠤᠰᠤ ᠰᠢᠨᠵᠢ ᠴᠢᠨᠠᠷ ᠪᠦᠬᠦᠢ ᠣᠷᠤᠨ ᠨᠤᠳᠤᠭ᠎ᠢ ᠪᠠᠭᠲᠠᠭ᠋ᠠᠳᠠᠭ᠎ᠠᠴᠠ ᠠᠳᠠᠯᠢ ᠪᠣᠰᠤ ᠣᠷᠤᠨ ᠨᠤᠳᠤᠭ᠎ᠤᠨ ᠠᠳᠠᠯᠢ ᠪᠣᠰᠤ ᠪᠠᠶ᠋ᠢᠭ᠋ᠠᠯᠢ᠂ ᠭᠠᠵᠠᠷ ᠵᠦᠢ ᠵᠢᠨ ᠣᠨᠴᠠᠯᠢᠭ᠎ᠲᠤ ᠲᠤᠬᠢᠷᠠᠭᠰᠠᠨ ᠣᠯᠠᠨ ᠵᠦᠢ᠍ᠯ᠎ᠤᠨ ᠭᠡᠭᠡᠷ᠎ᠡ ᠵᠢᠨ ᠠᠷᠢᠶᠠᠳᠠᠨ᠂ ᠵᠢᠭᠦᠷᠲᠡᠨ ᠨᠤᠳᠤᠭᠯᠠᠨ ᠤᠷᠤᠰᠢᠭᠰᠠᠭ᠋ᠠᠷ ᠢᠷᠡᠭᠰᠡᠨ ᠶᠤᠮ᠃ ᠤᠷᠠᠳ᠎ᠤᠨ ᠭᠤᠪᠢ ᠵᠤ ᠨᠤᠲᠤᠭ ᠵᠶ᠋ᠠᠷ ᠬᠠᠮᠤᠭ ᠣᠯᠠᠨ ᠪᠠᠶ᠋ᠢᠳᠠᠭ ᠠᠮᠢᠲᠠᠨ ᠭᠦᠷᠦᠭᠡᠰᠦ ᠭᠡᠪᠡᠯ ᠵᠡᠭᠡᠷ᠎ᠡ ᠶᠠᠩᠭᠢᠷ᠂ ᠬᠤᠯᠠᠨ᠂ ᠠᠭᠤᠯᠠᠷᠬᠠᠭ ᠤᠷᠤᠨ ᠵᠶ᠋ᠠᠷ ᠪᠣᠯ ᠬᠦᠬᠡ ᠢᠮᠠᠭ᠎ᠠ᠂ ᠤᠯᠠᠭ᠋ᠠᠨ ᠢᠮᠠᠭ᠎ᠠ ᠣᠯᠠᠨ ᠪᠠᠶ᠋ᠢᠳᠠᠭ᠃ ᠪᠠᠰᠠ ᠠᠷᠭ᠋ᠠᠯᠢ᠂ ᠪᠦᠬᠦᠩ᠂ ᠲᠠᠤᠯᠠᠢ ᠬᠢᠭᠡᠳ ᠨᠣᠭᠳᠤᠷᠤ᠂ ᠲᠤᠭᠤᠳᠠᠭ᠂ ᠲᠤᠭᠤᠷᠤᠤ᠂ ᠢᠲᠠᠭᠤ᠂ ᠲᠤᠩᠰᠢᠭᠤᠯ᠂ ᠬᠠᠶ᠋ᠢᠷᠠᠭᠤᠴᠠᠢ ᠪᠠᠶ᠋ᠢᠳᠠᠭ᠃ ᠮᠢᠬᠠᠴᠢᠨ ᠠᠮᠢᠲᠠᠨ᠎ᠳᠤ ᠢᠷᠪᠢᠰ᠂ ᠴᠢᠨ᠋ᠸ᠎ᠠ᠂ ᠦᠨᠡᠭᠡ᠂ ᠰᠢᠯᠦᠭᠦᠰᠦ᠂ ᠬᠢᠷᠰᠠ᠂ ᠮᠠᠩᠭᠢᠰᠦ᠂ ᠬᠠᠷ᠎ᠠ ᠬᠦᠷᠡᠩ ᠪᠤᠯᠠᠭ᠎ᠠ᠂ ᠦᠮᠡᠬᠡᠢ ᠬᠦᠷᠡᠩ᠂ ᠰᠢᠷ᠎ᠠ ᠰᠤᠯᠤᠩᠭ᠎ᠠ᠂ ᠪᠠᠶ᠋ᠢᠳᠠᠭ᠃ ᠰᠢᠪᠠᠭᠤᠳ᠎ᠤᠨ ᠵᠦᠢ᠍ᠯ᠎ᠳᠤ ᠪᠦᠷᠭᠦᠳ᠂ ᠬᠠᠷᠴᠠᠭ᠋ᠠᠢ᠂ ᠬᠢᠷᠢᠶ᠎ᠡ᠂ ᠬᠠᠷ᠎ᠠ ᠰᠢᠪᠠᠭᠤ᠂ ᠰᠢᠷ᠎ᠠ ᠰᠢᠪᠠᠭᠤ᠂ ᠵᠤᠷᠠᠬ᠎ᠠ᠂ ᠲᠠᠰ ᠵᠡᠷᠭᠡ ᠮᠢᠬᠠᠴᠢᠨ ᠰᠢᠪᠠᠭᠤ᠎ᠤᠳ ᠪᠠᠶ᠋ᠢᠳᠠᠭ᠃ ᠡᠭᠦᠨ᠎ᠳᠤ ᠶᠤᠯᠤ ᠭᠡᠭᠴᠢ ᠨᠢᠭᠡᠨ ᠲᠦᠷᠦᠯ᠎ᠤᠨ ᠰᠢᠪᠠᠭᠤᠨ᠎ᠤ ᠭᠡᠳᠡᠰᠦ᠎ᠨᠢ ᠬᠦᠮᠦᠨ᠎ᠤ ᠬᠤᠳᠤᠭᠤᠳᠤ ᠭᠡᠳᠡᠰᠦᠨ᠎ᠤ ᠡᠪᠡᠳᠴᠢᠨ᠎ᠢ ᠵᠠᠰᠠᠬᠤ᠎ᠳᠤ ᠰᠠᠶ᠋ᠢᠨ ᠭᠡᠳᠡᠭ ᠪᠠ ᠦᠮᠡᠬᠡᠢ ᠬᠦᠷᠡᠩ ᠭᠡᠳᠡᠭ ᠠᠮᠢᠲᠠᠨ᠎ᠤ ᠮᠢᠬ᠎ᠠ ᠵᠢ ᠠᠳᠤᠭᠤᠨ᠎ᠤ ᠭᠡᠮ᠎ᠳᠤ ᠰᠠᠶ᠋ᠢᠨ ᠭᠡᠳᠡᠭ᠃ ᠡᠨᠡ ᠮᠡᠲᠦ ᠮᠢᠬ᠎ᠠ᠎ᠨᠢ ᠡᠮ᠎ᠤᠨ ᠵᠦᠢ᠍ᠯ᠎ᠳᠤ ᠤᠷᠤᠳᠠᠭ ᠠᠮᠢᠲᠠᠨ ᠠᠷᠪᠠᠭ᠋ᠠᠳ ᠵᠦᠢ᠍ᠯ ᠪᠠᠶ᠋ᠢᠳᠠᠭ᠃ ᠪᠦᠷᠢᠨ ᠪᠣᠰᠣ ᠪᠦᠷᠢᠳᠭᠡᠯ᠎ᠢ ᠦᠨᠳᠦᠰᠦᠯᠡᠪᠡᠯ ᠡᠳᠦᠭᠡ ᠪᠤᠯᠳᠠᠯ᠎ᠠ ᠤᠷᠠᠳ ᠨᠤᠲᠤᠭ᠎ᠲᠤ ᠬᠠᠮᠠᠭ᠋ᠠᠯᠠᠯᠲᠠ᠎ᠳᠤ ᠤᠷᠤᠭᠰᠠᠨ ᠠᠮᠢᠲᠠᠨ ᠨᠡᠶ᠋ᠢᠲᠡ 36 ᠲᠦᠷᠦᠯ᠂ ᠡᠭᠦᠨ᠎ᠳᠤ ᠠᠷᠢᠶᠠᠲᠠᠨ 10 ᠵᠦᠢ᠍ᠯ᠂ ᠵᠢᠭᠦᠷᠲᠡᠨ 26 ᠵᠦᠢ᠍ᠯ ᠪᠠᠶ᠋ᠢᠨ᠎ᠠ᠃ ᠡᠭᠦᠨ᠎ᠤ ᠲᠤᠳᠤᠷ᠎ᠠ ᠤᠯᠤᠰ᠎ᠤᠨ ᠨᠢᠭᠡᠳᠦᠭᠡᠷ ᠳᠡᠰ᠎ᠤᠨ ᠬᠠᠮᠠᠭ᠋ᠠᠯᠠᠯᠲᠠ᠎ᠳᠤ ᠤᠷᠤᠭᠰᠠᠨ ᠠᠮᠢᠲᠠᠨ ᠨᠡᠶ᠋ᠢᠲᠡ 8 ᠵᠦᠢ᠍ᠯ ᠪᠠᠶ᠋ᠢᠵᠤ᠂ 3᠎ᠨᠢ ᠠᠷᠢᠶᠠᠳᠠᠨ᠎ᠤ ᠲᠦᠷᠦᠯ᠂ 5᠎ᠨᠢ ᠵᠢᠭᠦᠷᠲᠡᠨ᠎ᠤ ᠲᠦᠷᠦᠯ ᠪᠤᠯᠤᠨ᠃ ᠬᠤᠶᠠᠳᠤᠭ᠋ᠠᠷ ᠳᠡᠰ᠎ᠤᠨ ᠬᠠᠮᠠᠭ᠋ᠠᠯᠠᠯᠲᠠ᠎ᠳᠤ ᠤᠷᠤᠭᠰᠠᠨ ᠠᠮᠢᠲᠠᠨ ᠨᠡᠶ᠋ᠢᠲᠡ 23 ᠵᠦᠢ᠍ᠯ ᠪᠠᠶ᠋ᠢᠵᠤ᠂ 7᠎ᠨᠢ ᠠᠷᠢᠶᠠᠳᠠᠨ᠎ᠤ ᠲᠦᠷᠦᠯ᠂ 16᠎ᠨᠢ ᠵᠢᠭᠦᠷᠲᠡᠨ᠎ᠤ ᠲᠦᠷᠦᠯ ᠪᠤᠯᠤᠨ᠎ᠠ᠃ ᠠᠷᠢᠶᠠᠳᠠᠨ ᠵᠢᠭᠦᠷᠲᠡᠨ᠎ᠠᠴᠠ ᠭᠠᠳᠠᠨ᠎ᠠ᠂ ᠤᠷᠠᠳ ᠨᠤᠲᠤᠭ᠎ᠲᠤ ᠰᠤᠮᠤᠨ ᠴᠠᠭ᠋ᠠᠨ᠂ ᠨᠤᠮᠤᠬᠠᠨ ᠪᠤᠷᠤ ᠭᠡᠭᠴᠢ ᠮᠤᠭ᠋ᠠᠢ ᠵᠢᠨ ᠲᠦᠷᠦᠯ ᠵᠦᠢ᠍ᠯ᠂ ᠮᠤᠭ᠋ᠠᠢ ᠵᠢᠨ ᠭᠦᠷᠪᠡᠯ᠂ ᠬᠤᠨᠢᠨ ᠬᠦᠷᠪᠡᠯ᠎ᠤᠨ ᠵᠦᠢ᠍ᠯ ᠲᠤᠰ ᠭᠠᠵᠠᠷ᠎ᠤᠨ ᠬᠦᠷᠦᠰᠦ ᠰᠢᠷᠦᠢ ᠵᠢᠨ ᠣᠨᠴᠠᠯᠢᠭ᠎ᠲᠤ ᠲᠤᠬᠢᠷᠠᠭᠰᠠᠨ ᠵᠶ᠋ᠠᠷ ᠵᠶ᠋ᠠᠨ ᠪᠠᠶ᠋ᠢᠩᠭᠤ ᠬᠠᠷᠠᠭᠳᠠᠳᠠᠭ ᠪᠠᠶ᠋ᠢᠨ᠎ᠠ᠃
                  ᠮᠣᠩᠭᠤᠯ ᠲᠡᠤᠬᠡ ᠰᠤᠶᠤᠯ᠎ᠤᠨ ᠰᠤᠩᠭᠤᠳᠠᠭ ᠵᠣᠬᠢᠶᠠᠯ᠎ᠤᠨ ᠬᠦᠮᠦᠷᠭᠡ᠂
                  ᠵᠠᠩ ᠦᠢ᠍ᠯᠡ ᠵᠢᠨ ᠴᠤᠪᠤᠷᠠᠯ ᠪᠢᠴᠢᠭ 《ᠤᠷᠠᠳ ᠵᠠᠩ ᠦᠢ᠍ᠯᠡ》᠎ᠠᠴᠠ ᠪᠠᠭᠤᠯᠭ᠋ᠠᠪᠠ

ᠢᠷᠡᠯᠲᠡ᠄ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ