ᠤᠷᠠᠳ᠎ᠤᠨ ᠭᠠᠵᠠᠷ ᠨᠤᠳᠤᠭ ᠪᠠᠶ᠋ᠢᠭ᠋ᠠᠯᠢ ᠠᠬᠤᠢ
ᠨᠡᠶ᠋ᠢᠲᠡᠯᠡᠭᠰᠡᠨ ᠴᠠᠭ᠄ 2024-08-27
ᠦᠨᠢᠷ ᠪᠠᠶᠠᠯᠢᠭ ᠦᠵᠡᠰᠬᠦᠯᠡᠩᠲᠦ ᠰᠠᠶ᠋ᠢᠬᠠᠨ ᠤᠷᠤᠨ ᠨᠤᠳᠤᠭ ᠪᠣᠯ ᠦᠪᠦᠷ ᠮᠣᠩᠭᠤᠯ᠎ᠤᠨ ᠦᠨᠳᠦᠷᠯᠢᠭ᠎ᠤᠨ ᠪᠠᠷᠠᠭᠤᠨ ᠪᠡᠶ᠎ᠡ᠎ᠪᠠᠷ ᠤᠷᠤᠰᠢᠵᠤ᠂ ᠤᠮᠠᠷᠠᠳᠤ ᠦᠷᠭᠡᠷᠢᠭ᠎ᠤᠨ 41。07、 — 42。28 、᠂ ᠵᠡᠭᠦᠨ ᠣᠷᠳᠤᠷᠢᠭ᠎ᠤᠨ 107。16 、 — 109。42、ᠤᠨ ᠬᠤᠭᠤᠷᠤᠨᠳᠤ ᠪᠠᠶ᠋ᠢᠷᠢᠰᠢᠵᠤ᠂ ᠵᠡᠭᠦᠨᠰᠢ ᠪᠠᠷᠠᠭᠤᠨᠰᠢ᠎ᠪᠠᠨ ᠪᠠᠷᠤᠭ 378 ᠺᠢᠯᠤᠮᠧᠳ᠋ᠷ᠂ ᠡᠮᠤᠨᠡᠰᠢ ᠤᠮᠠᠷᠠᠰᠢ᠎ᠪᠠᠨ ᠪᠠᠷᠤᠭ 170 ᠺᠢᠯᠤᠮᠧᠳ᠋ᠷ ᠵᠠᠶ᠋ᠢᠲᠠᠢ᠂ ᠵᠡᠭᠦᠨᠰᠢ ᠪᠠᠷᠠᠭᠤᠨᠰᠢ ᠦᠷᠭᠡᠨ ᠵᠶ᠋ᠠᠷ ᠵᠶ᠋ᠠᠨ 203.8 ᠺᠢᠯᠤᠮᠧᠳ᠋ᠷ ᠵᠠᠶ᠋ᠢᠲᠠᠢ᠂ ᠪᠠᠷᠤᠭᠴᠠᠭ᠋ᠠᠯᠠᠪᠠᠯ ᠨᠡᠶ᠋ᠢᠲᠡ 64260 ᠲᠡᠭᠰᠢ ᠳᠦᠷᠪᠡᠯᠵᠢᠨ ᠺᠢᠯᠤᠮᠧᠳ᠋ᠷ ᠲᠠᠯᠠᠪᠠᠢ᠎ᠲᠠᠢ ᠶᠤᠮ᠃ ᠪᠠᠷᠠᠭᠤᠨ ᠬᠤᠶ᠋ᠢᠨ᠎ᠠ᠎ᠪᠠᠨ ᠠᠯᠳᠠᠨ ᠬᠠᠷᠭᠤᠨ᠎ᠠ ᠠᠭᠤᠯᠠ ᠵᠢᠨ ᠠᠷᠤ ᠬᠤᠷᠮᠤᠢ᠎ᠠᠴᠠ ᠮᠣᠩᠭᠤᠯ ᠤᠯᠤᠰ᠎ᠤᠨ ᠬᠢᠯᠢ ᠬᠦᠷᠲᠡᠯᠡᠬᠢ ᠭᠠᠵᠠᠷ ᠦᠨᠳᠦᠷᠯᠢᠭ᠎ᠤᠨ ᠲᠠᠯ᠎ᠠ ᠨᠤᠲᠤᠭ᠎ᠲᠤ ᠪᠠᠭᠲᠠᠵᠤ᠂ ᠲᠠᠯᠠᠢ ᠵᠢᠨ ᠲᠦᠪᠰᠢᠨ᠎ᠠᠴᠠ ᠲᠤᠮᠳᠠᠴᠢ᠎ᠪᠠᠷ 1020 — 1400 ᠮᠧᠳ᠋ᠷ ᠡᠷᠭᠦᠭᠳᠡᠵᠦ᠂ ᠶᠡᠷᠦᠩᠬᠡᠢ ᠲᠠᠯᠠᠪᠠᠢ᠎ᠨᠢ 30600 ᠲᠡᠭᠰᠢ ᠳᠦᠷᠪᠡᠯᠵᠢᠨ ᠺᠢᠯᠤᠮᠧᠳ᠋ᠷ ᠪᠠᠶ᠋ᠢᠳᠠᠭ᠃ ᠲᠡᠯᠡᠬᠡᠢ ᠵᠢᠨ ᠪᠦᠮᠪᠦᠷᠴᠡᠭ᠎ᠤᠨ ᠰᠢᠨ᠎ᠡ ᠪᠦᠲᠦᠴᠡ ᠵᠢᠨ ᠠᠵᠢᠯᠯᠠᠭ᠎ᠠ ᠵᠢᠨ ᠦᠶ᠎ᠡ᠎ᠳᠤ ᠡᠮᠦᠨ᠎ᠡ ᠲᠠᠯ᠎ᠠ ᠵᠢᠨ ᠠᠯᠳᠠᠨ ᠬᠠᠷᠭᠤᠨ᠎ᠠ ᠠᠭᠤᠯᠠ ᠨᠢᠷᠤᠭᠤ ᠬᠦᠴᠦᠲᠡᠢ ᠡᠷᠭᠦᠭᠳᠡᠭᠡᠳ ᠬᠤᠶ᠋ᠢᠰᠢ᠎ᠪᠠᠨ ᠬᠠᠵᠠᠶ᠋ᠢᠭᠰᠠᠨ ᠲᠠᠯ᠎ᠠ ᠲᠤᠪᠤᠴᠠᠭ ᠦᠷᠭᠦᠯᠵᠢᠯᠡᠭᠰᠡᠨ ᠲᠡᠨᠢᠭᠡᠷ ᠠᠭᠤᠳᠠᠮ ᠦᠨᠳᠦᠷᠯᠢᠭ᠎ᠤᠨ ᠲᠠᠯ᠎ᠠ ᠨᠤᠲᠤᠭ᠎ᠢ ᠪᠣᠢ ᠪᠣᠯᠭ᠋ᠠᠵᠠᠢ᠃ ᠤᠷᠠᠳ᠎ᠤᠨ ᠲᠠᠯ᠎ᠠ ᠨᠤᠳᠤᠭ ᠪᠣᠯ ᠬᠠᠭ᠋ᠠᠰ ᠴᠦᠯᠯᠡᠷᠭᠡᠭ ᠮᠠᠶᠢᠭ᠎ᠤᠨ ᠲᠦᠷᠦᠯ ᠵᠦᠢ᠍ᠯ᠎ᠳᠤ ᠪᠠᠭᠳᠠᠵᠤ᠂ ᠦᠩᠰᠢᠭ ᠰᠠᠶ᠋ᠢᠬᠠᠨ ᠪᠠᠶ᠋ᠢᠭ᠋ᠠᠯᠢ ᠵᠢᠨ ᠪᠡᠯᠴᠢᠭᠡᠷ ᠪᠤᠯᠤᠨ ᠲᠤᠭᠳᠠᠭᠰᠠᠨ ᠪᠠᠶ᠋ᠢᠳᠠᠭ᠃ ᠡᠷᠲᠡ᠎ᠠᠴᠠ ᠠᠪᠤᠭ᠋ᠠᠳ ᠡᠨᠡ ᠰᠠᠶ᠋ᠢᠬᠠᠨ ᠲᠠᠯ᠎ᠠ ᠨᠤᠲᠤᠭ ᠳᠡᠭᠡᠷ᠎ᠡ ᠲᠠᠪᠤᠨ ᠬᠤᠰᠢᠭᠤ ᠮᠠᠯ ᠦᠨᠢᠷ ᠦᠰᠦᠭᠡᠳ ᠲᠦᠬᠦᠮ ᠵᠶ᠋ᠠᠷ ᠳᠦᠭᠦᠷᠡᠩ ᠦᠷᠡᠵᠢᠵᠦ᠂ ᠢᠯᠠᠩᠭᠤᠶ᠎ᠠ ᠬᠤᠶᠠᠷ ᠪᠤᠭᠲᠠ ᠵᠢᠨ ᠴᠠᠭ᠋ᠠᠨ ᠢᠮᠠᠭ᠎ᠠ᠂ ᠭᠤᠪᠢ ᠵᠢᠨ ᠤᠯᠠᠭ᠋ᠠᠨ ᠲᠡᠮᠡᠭᠡ᠎ᠨᠢ ᠳᠠᠶᠠᠩ ᠲᠡᠯᠡᠬᠡᠢ᠎ᠳᠤ ᠠᠯᠳᠠᠷᠰᠢᠭᠰᠠᠨ ᠶᠤᠮ᠃ ᠠᠯᠳᠠᠨ ᠬᠠᠷᠭᠤᠨ᠎ᠠ ᠠᠭᠤᠯᠠ ᠵᠢᠨ ᠪᠠᠶ᠋ᠢᠴᠠ᠎ᠪᠠᠷ ᠬᠤᠶᠠᠷ ᠪᠤᠭᠲᠠ ᠵᠢᠨ ᠠᠭᠤᠯᠠ᠂ ᠰᠠᠷᠢᠳᠠᠭ ᠠᠭᠤᠯᠠ ᠪᠠ ᠮᠣᠨᠠ ᠠᠭᠤᠯᠠ ᠵᠡᠷᠭᠡ ᠭᠤᠷᠪᠠᠨ ᠲᠤᠮᠤ ᠠᠭᠤᠯᠠ ᠰᠦᠨᠳᠡᠷᠯᠡᠨ ᠪᠠᠶ᠋ᠢᠳᠠᠭ᠃ ᠭᠡᠬᠦ᠎ᠳᠤ᠎ᠪᠠᠨ ᠬᠤᠶᠠᠷ ᠪᠤᠭᠲᠠ ᠵᠢᠨ ᠠᠭᠤᠯᠠ᠎ᠨᠢ ᠳᠠᠯᠠᠢ ᠵᠢᠨ ᠲᠦᠪᠰᠢᠨ᠎ᠠᠴᠠ 1893 ᠮᠧᠳ᠋ᠷ ᠡᠷᠭᠦᠭᠳᠡᠵᠦ᠂ ᠮᠣᠨᠠ ᠵᠢᠨ ᠰᠢᠷ᠎ᠠ ᠤᠷᠤᠢ ᠨᠢ ᠳᠠᠯᠠᠢ ᠵᠢᠨ ᠲᠦᠪᠰᠢᠨ᠎ᠠᠴᠠ 2324 ᠮᠧᠳ᠋ᠷ ᠡᠷᠭᠦᠭᠳᠡᠭᠡᠳ᠂ ᠬᠠᠨᠠᠨ ᠬᠠᠳᠠ ᠡᠭᠴᠡᠯᠡᠨ ᠪᠤᠰᠴᠤ᠂ ᠬᠠᠯᠢᠯ ᠣᠷᠭᠢᠯ᠎ᠨᠢ ᠰᠡᠭᠦᠶ᠋ᠢᠯᠴᠡᠨ᠂ ᠤᠷᠠᠳ᠎ᠤᠨ ᠬᠦᠮᠦᠰ᠎ᠤᠨ ᠰᠢᠲᠦᠭᠡᠨᠲᠦ ᠬᠠᠶ᠋ᠢᠷᠬᠠᠨ ᠪᠣᠯᠣᠨ ᠰᠦᠮᠪᠦᠷᠯᠡᠭᠰᠡᠨ ᠶᠤᠮ᠃
ᠮᠣᠩᠭᠤᠯ ᠲᠡᠤᠬᠡ ᠰᠤᠶᠤᠯ᠎ᠤᠨ ᠰᠤᠩᠭᠤᠳᠠᠭ ᠵᠣᠬᠢᠶᠠᠯ᠎ᠤᠨ ᠬᠦᠮᠦᠷᠭᠡ᠂
ᠵᠠᠩ ᠦᠢ᠍ᠯᠡ ᠵᠢᠨ ᠴᠤᠪᠤᠷᠠᠯ ᠪᠢᠴᠢᠭ 《ᠤᠷᠠᠳ ᠵᠠᠩ ᠦᠢ᠍ᠯᠡ》᠎ᠠᠴᠠ ᠪᠠᠭᠤᠯᠭ᠋ᠠᠪᠠ
ᠢᠷᠡᠯᠲᠡ᠄ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ