ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

《ᠪᠣᠳᠠᠰ᠎ᠤᠨ ᠪᠤᠰᠤ ᠰᠣᠶᠣᠯ᠎ᠤᠨ ᠥᠪ᠎ᠤᠨ ᠰᠣᠶᠣᠯ ᠵᠢᠭᠤᠯᠴᠢᠯᠠᠯ ·ᠥᠪᠥᠷ ᠮᠣᠩᠭᠣᠯ᠎ᠤᠨ ᠥᠯᠢᠭᠡᠷ》᠎ᠢ ᠰᠡᠭᠦᠳᠡᠷᠯᠡᠯ᠎ᠡ

ᠨᠡᠶ᠋ᠢᠲᠡᠯᠡᠭᠰᠡᠨ ᠴᠠᠭ᠄   2024-08-22

      ᠥᠪᠡᠷᠲᠡᠭᠡᠨ ᠵᠠᠰᠠᠬᠤ ᠣᠷᠣᠨ᠎ᠤ ᠰᠣᠶᠣᠯ ᠪᠠ ᠵᠢᠭᠤᠯᠴᠢᠯᠠᠯ᠎ᠤᠨ ᠲᠢᠩᠬᠢᠮ᠎ᠠᠴᠠ ᠣᠢ᠌ᠯᠠᠭ᠋ᠠᠭᠰᠠᠨ ᠵᠢᠡᠷ᠂ ᠣᠷᠴᠢᠮᠬᠠᠨ ᠲᠠᠢ᠌ᠸᠠᠨ᠎ᠤ ᠳᠤᠮᠳᠠᠳᠤ ᠵᠢᠨ ᠷᠠᠳᠢᠣ᠋ ᠲᠧᠯᠸᠢᠰ᠎ᠤᠨ ᠫᠷᠣᠭ᠌ᠷᠠᠮ ᠦᠢ᠍ᠯᠡᠳᠬᠦ ᠳᠤᠭᠤᠢ᠌ᠯᠠᠩ᠎ᠤᠨ᠎ᠬᠢᠨ ᠮᠠᠨ᠎ᠤ ᠣᠷᠣᠨ᠎ᠳᠤ ᠢᠷᠡᠵᠦ 《ᠪᠣᠳᠠᠰ᠎ᠤᠨ ᠪᠤᠰᠤ ᠰᠣᠶᠣᠯ᠎ᠤᠨ ᠥᠪ᠎ᠤᠨ ᠰᠣᠶᠣᠯ ᠵᠢᠭᠤᠯᠴᠢᠯᠠᠯ ·ᠥᠪᠥᠷ ᠮᠣᠩᠭᠣᠯ᠎ᠤᠨ ᠦᠯᠢᠭᠡᠷ》ᠭᠡᠬᠦ ᠪᠠᠷᠢᠮᠲᠠᠲᠤ ᠹᠢᠯᠢᠮ᠎ᠢ ᠰᠤᠷᠪᠤᠯᠵᠢᠯᠠᠨ ᠰᠡᠭᠦᠳᠡᠷᠯᠡᠪᠡ᠃ ᠲᠣᠰ ᠪᠠᠷᠢᠮᠲᠠᠲᠤ ᠹᠢᠯᠢᠮ᠎ᠢ 3 ᠪᠦᠯᠦᠭ ᠬᠤᠪᠢᠶᠠᠨ ᠦᠢ᠍ᠯᠡᠳᠴᠦ᠂ ᠲᠠᠢ᠌ᠸᠠᠨ᠎ᠤ ᠣᠯᠠᠨ ᠵᠠᠭᠤᠴᠢᠯᠠᠭᠤᠷ᠎ᠤᠨ ᠲᠠᠪᠴᠠᠩ᠎ᠳᠤ ᠨᠡᠪᠲᠡᠷᠡᠭᠦᠯᠬᠦ ᠪᠣᠯᠣᠨ᠎ᠠ᠃

      ᠰᠡᠭᠦᠳᠡᠷᠯᠡᠬᠦ ᠳᠤᠭᠤᠢ᠌ᠯᠠᠩ᠎ᠤᠨ᠎ᠬᠢᠨ ᠤᠷᠢᠳ ᠬᠣᠵᠢᠳ ᠤᠯᠠᠭ᠋ᠠᠨᠬᠠᠳᠠ ᠬᠣᠲᠠ ᠵᠢᠴᠢ ᠣᠩᠨᠢᠭᠤᠳ ᠬᠣᠰᠢᠭᠤ᠂ ᠬᠡᠰᠢᠭᠲᠡᠨ ᠬᠣᠰᠢᠭᠤ᠂ ᠭᠦᠭᠡᠬᠣᠲᠠ ᠵᠢᠨ ᠬᠤᠳᠠ ᠲᠣᠭᠣᠷᠢᠭ ᠵᠢᠴᠢ ᠢᠦᠢ᠌ᠴᠢᠤᠸᠠᠨ ᠲᠣᠭᠣᠷᠢᠭ᠎ᠤᠨ ᠠᠮᠲᠠᠲᠤ ᠢᠳᠡᠭᠡᠨ᠎ᠤ ᠵᠡᠭᠡᠯᠢ᠂ ᠮᠤᠨᠢ ᠠᠭᠤᠯᠠ ᠪᠣᠳᠠᠰ᠎ᠤᠨ ᠪᠤᠰᠤ ᠰᠣᠶᠣᠯ᠎ᠤᠨ ᠥᠪ᠎ᠤᠨ ᠵᠢᠵᠢᠭ ᠪᠠᠯᠭ᠋ᠠᠰᠤ᠂ ᠪᠤᠭᠤᠷᠤᠯ ᠲᠡᠦᠬᠡ ᠵᠢᠨ ᠭᠦᠯᠦᠭ᠎ᠤᠨ ᠮᠠᠭᠲᠠᠭ᠋ᠠᠯ᠎ᠤᠨ ᠲᠣᠬᠯᠠᠯᠲᠠ ᠵᠢᠨ ᠲᠢᠶᠠᠲᠷ᠂ ᠴᠢᠩ ᠱᠦᠢ ᠾᠧ ᠰᠢᠶᠠᠨ᠂ ᠲᠣᠭᠲᠠᠬᠤ ᠰᠢᠶᠠᠨ ᠵᠡᠷᠭᠡ ᠭᠠᠵᠠᠷ᠎ᠲᠤ ᠬᠦᠷᠴᠦ ᠰᠤᠷᠪᠤᠯᠵᠢᠯᠠᠨ ᠰᠡᠭᠦᠳᠡᠷᠯᠡᠵᠡᠢ᠃ ᠳᠡᠳᠡ ᠪᠠᠰᠠ ᠭᠦᠭᠡᠬᠣᠲᠠ ᠵᠢᠨ ᠴᠢᠩ ᠱᠦᠢ ᠾᠧ ᠰᠢᠶᠠᠨ᠂ ᠲᠣᠭᠲᠠᠬᠤ ᠰᠢᠶᠠᠨ᠎ᠤ ᠤᠷᠳᠤ ᠴᠠᠭ᠋ᠠᠨ ᠬᠡᠷᠡᠮ ᠪᠣᠯᠣᠨ ᠬᠠᠳᠤᠨ ᠭᠣᠣᠯ᠎ᠤᠨ ᠠᠭᠤᠯᠵᠠᠷ ᠵᠢᠴᠢ ᠬᠡᠪᠲᠡᠭᠡ ᠦᠬᠡᠷ᠎ᠤᠨ ᠲᠣᠬᠣᠢ᠂ ᠰᠢᠳᠢᠲᠦ ᠪᠤᠯᠠᠭ᠂ ᠠᠮᠢ ᠠᠬᠤᠢ ᠵᠢ ᠰᠡᠷᠭᠦᠭᠡᠨ ᠵᠠᠰᠠᠭᠰᠠᠨ᠎ᠤ ᠳᠠᠷᠠᠭ᠋ᠠᠬᠢ ᠴᠡᠯᠡᠭᠡᠷ ᠲᠠᠯ᠎ᠠ᠂ ᠲᠠᠯ᠎ᠠ ᠨᠤᠲᠤᠭ᠎ᠤᠨ ᠠᠮᠲᠠᠲᠤ ᠢᠳᠡᠭᠡᠨ᠂ ᠬᠠᠯᠠᠭᠤᠮᠰᠤᠭ ᠵᠣᠴᠢᠨᠰᠠᠭ ᠮᠠᠯᠴᠢᠨ᠂ ᠲᠤᠰᠤᠨ ᠪᠤᠳᠤᠭ᠎ᠤᠨ ᠵᠢᠷᠤᠭ ᠮᠡᠲᠦ ᠦᠵᠡᠰᠬᠦᠯᠡᠩᠲᠦ ᠰᠠᠢ᠌ᠬᠠᠨ ᠦᠵᠡᠮᠵᠢ ᠵᠢ ᠰᠣᠨᠢᠷᠬᠠᠨ᠂ ᠥᠪᠥᠷ ᠮᠣᠩᠭᠣᠯ᠎ᠤᠨ ᠪᠠᠶᠠᠯᠢᠭ ᠰᠠᠢ᠌ᠬᠠᠨ ᠪᠣᠳᠠᠰ᠎ᠤᠨ ᠪᠤᠰᠤ ᠰᠣᠶᠣᠯ᠎ᠤᠨ ᠥᠪ᠎ᠤᠨ ᠲᠦᠷᠦᠯ ᠵᠦᠢ᠍ᠯ᠎ᠢ ᠰᠡᠭᠦᠳᠡᠷᠯᠡᠵᠦ᠂ ᠡᠯᠪᠡᠭ ᠳᠡᠯᠪᠡᠭ ᠮᠠᠲ᠋ᠧᠷᠢᠶᠠᠯ ᠴᠤᠭᠯᠠᠭᠤᠯᠤᠭᠰᠠᠨ ᠪᠠᠢ᠌ᠨ᠎ᠠ᠃

      ᠣᠢ᠌ᠯᠠᠭ᠋ᠠᠭᠰᠠᠨ ᠵᠶ᠋ᠠᠷ᠂ ᠲᠣᠰ ᠪᠠᠷᠢᠮᠲᠠᠲᠤ ᠹᠢᠯᠢᠮ᠎ᠨᠢ ᠥᠪᠥᠷ ᠮᠣᠩᠭᠣᠯ᠎ᠤᠨ ᠪᠠᠢ᠌ᠭ᠋ᠠᠯᠢ ᠵᠢᠨ ᠥᠩᠭᠡ ᠦᠵᠡᠮᠵᠢ᠂ ᠰᠣᠶᠣᠯ ᠢᠷᠭᠡᠨᠰᠢᠯ᠎ᠤᠨ ᠵᠠᠩ ᠦᠢᠯᠡ᠂ ᠪᠣᠳᠠᠰ᠎ᠤᠨ ᠪᠤᠰᠤ ᠰᠣᠶᠣᠯ᠎ᠤᠨ ᠥᠪ᠂ ᠰᠣᠶᠣᠯ ᠵᠢᠭᠤᠯᠴᠢᠯᠠᠯ᠂ ᠤᠯᠠᠮᠵᠢᠯᠠᠯᠲᠤ ᠠᠮᠲᠠᠲᠤ ᠢᠳᠡᠭᠡᠨ᠂ ᠭᠠᠷ ᠤᠷᠠᠯᠠᠯ ᠤᠷ᠎ᠠ ᠮᠡᠷᠭᠡᠵᠢᠯ ᠵᠢᠴᠢ ᠲᠡᠦᠬᠡ ᠵᠢᠨ ᠳᠤᠷᠠᠰᠬᠠᠯᠲᠤ ᠵᠦᠢ᠍ᠯᠡᠰ᠎ᠤᠨ ᠬᠠᠮᠠᠭ᠋ᠠᠯᠠᠯᠲᠠ ᠵᠡᠷᠭᠡ ᠠᠭᠤᠯᠭ᠎ᠠ ᠵᠢ ᠢᠯᠡᠷᠡᠭᠦᠯᠬᠦ᠎ᠪᠠᠷ ᠪᠤᠢ᠃ ᠲᠣᠰ ᠤᠳᠠᠭ᠎ᠠ ᠵᠢᠨ ᠰᠡᠭᠦᠳᠡᠷᠯᠡᠬᠦ ᠠᠵᠢᠯᠯᠠᠭ᠎ᠠ᠎ᠨᠢ ᠥᠪᠥᠷ ᠮᠣᠩᠭᠣᠯ᠎ᠤᠨ ᠡᠯ᠎ᠡ ᠭᠠᠵᠠᠷ᠎ᠤᠨ ᠰᠣᠶᠣᠯ ᠵᠢᠭᠤᠯᠴᠢᠯᠠᠯ᠎ᠤᠨ ᠲᠤᠬᠠᠢ ᠨᠢᠭᠡ ᠤᠳᠠᠭ᠎ᠠ ᠵᠢᠨ ᠭᠦᠨᠵᠡᠭᠡᠢ ᠰᠦᠪᠡᠭᠴᠢᠯᠡᠯᠲᠡ ᠪᠤᠯᠬᠤ᠎ᠪᠠᠷ ᠪᠠᠷᠠᠬᠤ ᠦᠭᠡᠢ ᠨᠠᠩ ᠴᠤ᠌ ᠲᠠᠢ᠌ᠸᠠᠨ ᠬᠣᠭᠣᠯᠠᠢ ᠵᠢᠨ ᠬᠣᠶᠠᠷ ᠭᠦᠪᠡᠭᠡ ᠵᠢᠨ ᠰᠣᠯᠢᠯᠴᠠᠭ᠎ᠠ ᠬᠠᠮᠲᠤᠷᠠᠯᠴᠠᠭ᠎ᠠ ᠵᠢ ᠬᠦᠴᠦᠲᠡᠢ ᠠᠬᠢᠭᠤᠯᠵᠤ᠂ ᠲᠠᠢ᠌ᠸᠠᠨ᠎ᠤ ᠠᠬ᠎ᠠ ᠳᠡᠭᠦᠦ ᠨᠠᠷ᠎ᠤᠨ ᠡᠬᠡ ᠤᠯᠤᠰ᠎ᠤᠨ ᠵᠢᠡᠨ ᠡᠬᠡ ᠬᠠᠭᠤᠷᠠᠢ ᠪᠠ ᠥᠪᠥᠷ ᠮᠣᠩᠭᠣᠯ᠎ᠤᠨ ᠲᠤᠬᠠᠢ ᠣᠢ᠌ᠯᠠᠭ᠋ᠠᠯᠲᠠ ᠵᠢ ᠤᠯᠠᠮ ᠭᠦᠨᠵᠡᠭᠡᠢ᠌ᠷᠡᠭᠦᠯᠬᠦ ᠪᠣᠯᠣᠨ᠎ᠠ᠃

 

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ