ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠱᠠᠭ᠎ᠠ ᠵᠢᠨ ᠴᠡᠭᠡᠷ ᠶᠣᠰᠣᠨ

ᠨᠡᠶ᠋ᠢᠲᠡᠯᠡᠭᠰᠡᠨ ᠴᠠᠭ᠄   2024-07-31

      ᠨᠢᠬᠡ᠄ ᠬᠤᠨᠢ᠂ ᠢᠮᠠᠭ᠎ᠠ᠂ ᠠᠳᠤᠭᠤ᠂ ᠦᠭᠡᠷ᠂ ᠲᠡᠮᠡᠭᠡ᠂ ᠵᠡᠭᠡᠷ᠎ᠡ᠂ ᠬᠦᠷᠤᠭᠡᠰᠤ᠂ ᠠᠷᠭ᠋ᠠᠯᠢ᠂ ᠶᠠᠩᠭᠢᠷ᠂ ᠪᠤᠭᠤ᠂ ᠵᠢᠨ ᠱᠠᠭ᠎ᠠ ᠵᠢ ᠭᠠᠯ᠎ᠳᠤ ᠰᠢᠳᠠᠭ᠋ᠠᠬᠤ ᠵᠢ ᠴᠡᠭᠡᠷᠯᠡᠨ᠎ᠡ᠃
     ᠬᠤᠶᠠᠷ᠄ ᠲᠠᠪᠤᠨ ᠬᠤᠰᠢᠭᠤ ᠮᠠᠯ᠎ᠤᠨ ᠱᠠᠭ᠎ᠠ ᠵᠢ ᠨᠤᠬᠠᠢ ᠠᠡᠭ ᠠᠮᠢᠲᠠᠨ᠎ᠳᠤ ᠦᠭᠬᠦ ᠵᠢ ᠤᠨᠴᠠ ᠴᠡᠭᠡᠷᠯᠡᠨ᠎ᠡ᠂ ᠪᠤᠶᠠᠨ ᠭᠡᠰᠢᠭ ᠬᠠᠵᠡᠶ᠋ᠢᠨ᠎ᠠ ᠭᠡᠳᠡᠭ᠃
     ᠭᠤᠷᠪᠠ᠄ ᠮᠠᠯ᠎ᠤᠨ ᠱᠠᠭ᠎ᠠ᠂ ᠵᠡᠭᠡᠷ᠎ᠡ ᠠᠷᠢᠶᠠᠲᠠᠨ᠎ᠤ ᠱᠠᠭ᠎ᠠ ᠵᠢ ᠨᠡᠬᠦᠬᠦ ᠨᠤᠳᠤᠭ ᠳᠡᠭᠡᠷ᠎ᠡ᠎ᠪᠠᠨ ᠤᠷᠭᠢᠵᠤ ᠭᠡᠭᠡᠬᠦ ᠵᠢ ᠴᠡᠭᠡᠷᠯᠡᠨ᠎ᠡ᠂ ᠭᠠᠢ ᠪᠠᠷᠴᠢᠳ ᠳᠤᠭᠢᠶᠠᠯᠳᠤᠨ᠎ᠠ ᠭᠡᠳᠡᠭ᠃
     ᠳᠦᠷᠪᠡ᠄ ᠨᠠᠰᠤ ᠪᠠᠷᠠᠭᠰᠡᠨ ᠠᠶ᠋ᠢᠯ᠎ᠤᠨ ᠬᠦᠮᠤᠰ ᠳᠦᠷᠤᠯ ᠰᠠᠳᠤᠨ᠎ᠨᠢ 《ᠵᠠᠭᠤ ᠬᠤᠨᠤᠭ ᠵᠶ᠋ᠠᠨ ᠬᠤᠷᠢᠶᠠᠬᠤ》᠎ᠠᠴᠠ ᠡᠮᠤᠨ᠎ᠡ ᠱᠠᠭ᠎ᠠ ᠨᠠᠭ᠋ᠠᠳᠤᠮ᠎ᠳᠤ ᠤᠷᠤᠯᠴᠠᠬᠤ ᠵᠢ ᠴᠡᠭᠡᠷᠯᠡᠨ᠎ᠡ᠃
     ᠲᠠᠪᠤ᠄ ᠭᠡᠤᠭᠡᠳ᠎ᠤᠳ᠎ᠢ ᠦᠭᠡᠷ᠎ᠤᠨ ᠱᠠᠭ᠎ᠠ᠎ᠪᠠᠷ ᠪᠦᠭ ᠴᠢᠭ ᠬᠠᠷᠪᠤᠵᠤ ᠨᠠᠭ᠋ᠠᠳᠬᠤ ᠵᠢ ᠴᠡᠭᠡᠷᠯᠡᠨ᠎ᠡ᠂ ᠲᠡᠨᠡᠭ ᠪᠤᠯᠤᠨ᠎ᠠ ᠭᠡᠳᠡᠭ᠃
     ᠵᠢᠷᠭᠤᠭ᠎ᠠ᠄ ᠬᠠᠪᠤᠷ᠎ᠤᠨ ᠳᠦᠯ ᠳᠤᠰᠴᠤ ᠪᠠᠶ᠋ᠢᠬᠤ ᠤᠯᠠᠷᠢᠯ᠎ᠳᠤ ᠭᠡᠤᠭᠡᠳ᠎ᠤᠳ ᠱᠠᠭ᠎ᠠ ᠨᠠᠭ᠋ᠠᠳᠬᠤ ᠵᠢ ᠴᠡᠭᠡᠷᠯᠡᠨ᠎ᠡ᠂ ᠳᠦᠯ ᠮᠠᠶ᠋ᠢᠭᠢ ᠪᠤᠯᠤᠨ᠎ᠠ ᠭᠡᠳᠡᠭ᠃
     ᠳᠤᠯᠤᠭ᠎ᠠ᠄ ᠵᠤᠨ᠎ᠤ ᠪᠤᠷᠤᠭ᠋ᠠᠨ᠎ᠲᠠᠢ ᠡᠳᠤᠷ ᠱᠠᠭ᠎ᠠ ᠨᠠᠭ᠋ᠠᠳᠬᠤ ᠵᠢ ᠴᠡᠭᠡᠷᠯᠡᠨ᠎ᠡ᠂ ᠲᠡᠭᠷᠢ ᠳᠤᠤᠭ᠋ᠠᠷᠴᠤ ᠠᠶᠤᠩᠭ᠎ᠠ ᠪᠠᠭᠤᠨ᠎ᠠ ᠭᠡᠳᠡᠭ᠃
     ᠨᠠᠶ᠋ᠢᠮᠠ᠄ ᠰᠦᠨᠢᠳ ᠨᠤᠳᠤᠭ᠎ᠲᠤ ᠱᠠᠭ᠎ᠠ ᠨᠠᠭ᠋ᠠᠳᠬᠤ᠎ᠳᠠᠭᠠᠨ ᠢᠵᠢᠯᠢ ᠮᠤᠷᠢ ᠪᠤᠰᠪᠠᠯ ᠬᠤᠭᠤᠷᠤᠨᠳᠤ᠎ᠨᠢ ᠨᠢᠰᠯᠠᠵᠤ ᠬᠠᠷᠪᠤᠬᠤ ᠵᠢ ᠤᠨᠴᠠ ᠴᠡᠭᠡᠷᠯᠡᠨ᠎ᠡ᠂ ᠵᠠᠶᠠᠭ᠎ᠠ ᠭᠡᠶ᠋ᠢᠮᠤᠷᠢ ᠭᠡᠪᠲᠡᠨ᠎ᠡ ᠭᠡᠳᠡᠭ᠃
     ᠶᠢᠰᠤ᠄ ᠶᠠᠰᠤ ᠪᠡᠷᠳᠡᠭᠰᠡᠨ ᠬᠦᠮᠤᠨ ᠡᠳᠡᠭᠡᠷᠡᠬᠦ᠎ᠠᠴᠠ ᠡᠮᠤᠨ᠎ᠡ ᠱᠠᠭ᠎ᠠ ᠨᠠᠭ᠋ᠠᠳᠬᠤ ᠵᠢ ᠴᠡᠭᠡᠷᠯᠡᠨ᠎ᠡ᠂ ᠶᠠᠰᠤᠨ᠎ᠤ ᠡᠳᠡᠭᠡᠷᠡᠯᠲᠡ᠎ᠳᠤ ᠮᠠᠭᠤ ᠭᠡᠳᠡᠭ᠃
     ᠠᠷᠪᠠ᠄ ᠴᠢᠨ᠋ᠸ᠎ᠡ ᠢᠳᠡᠭᠰᠡᠨ ᠮᠠᠯ᠎ᠤᠨ ᠱᠠᠭ᠎ᠠ ᠵᠢ ᠲᠡᠭᠷᠢ ᠵᠢᠨ ᠨᠤᠬᠠᠢ ᠵᠢᠨ ᠭᠡᠰᠢᠭ ᠭᠡᠵᠤ ᠠᠪᠴᠤ ᠬᠠᠳᠠᠭ᠋ᠠᠯᠠᠬᠤ᠎ᠠᠴᠠ ᠪᠢᠰᠢ᠂ ᠨᠠᠭ᠋ᠠᠳᠤᠮ ᠳᠤᠭᠯᠠᠭ᠋ᠠᠮ᠎ᠳᠤ ᠭᠡᠷᠡᠭᠯᠡᠬᠦ ᠵᠢ ᠴᠡᠭᠡᠷᠯᠡᠨ᠎ᠡ᠃
     ᠠᠷᠪᠠᠨ ᠨᠢᠭᠡ᠄ ᠰᠡᠳᠡᠷ᠎ᠲᠠᠢ ᠮᠠᠯ᠂ ᠲᠠᠷᠬᠠᠯᠠᠭᠰᠡᠨ ᠮᠠᠯ ᠦᠬᠦᠪᠡᠯ᠂ ᠱᠠᠭ᠎ᠠ ᠵᠢ ᠠᠪᠴᠤ ᠬᠠᠳᠠᠭ᠎ᠲᠤ ᠪᠤᠭᠤᠵᠤ ᠬᠠᠳᠠᠭ᠋ᠠᠯᠠᠨ᠎ᠠ᠃ ᠨᠠᠭ᠋ᠠᠳᠤᠮ ᠳᠤᠭᠯᠠᠭ᠋ᠠᠮ᠎ᠳᠤ ᠭᠡᠷᠡᠭᠯᠡᠬᠦ ᠵᠢ ᠴᠡᠭᠡᠷᠯᠡᠨ᠎ᠡ᠃
     ᠠᠷᠪᠠᠨ ᠬᠤᠶᠠᠷ᠄ ᠭᠡᠤᠭᠡᠳ ᠭᠤᠷᠪᠠᠨ ᠬᠤᠨᠤᠭ ᠵᠠᠯᠭ᠋ᠠᠪᠠᠷ ᠤᠭᠢᠯᠠᠪᠠᠯ ᠱᠠᠭ᠋ᠠᠶ᠋ᠢᠳᠤ ᠴᠢᠮᠤᠭᠡ ᠵᠢᠨ ᠱᠠᠭ᠎ᠠ ᠵᠢ ᠠᠪᠴᠤ ᠬᠠᠳᠠᠭ᠎ᠲᠤ ᠪᠤᠭᠤᠵᠤ ᠬᠠᠳᠠᠭ᠋ᠠᠯᠠᠬᠤ ᠪᠤᠶᠤ ᠭᠡᠤᠭᠡᠳ᠎ᠤᠨ ᠨᠠᠭ᠋ᠠᠳᠤᠮ᠎ᠳᠤᠨᠢ ᠵᠡᠬᠦᠳᠡᠭ᠂ ᠨᠠᠭ᠋ᠠᠳᠤᠮ᠎ᠳᠤ ᠭᠡᠷᠡᠭᠯᠡᠬᠦ ᠵᠢ ᠴᠡᠭᠡᠷᠯᠡᠨ᠎ᠡ᠃
     ᠠᠷᠪᠠᠨ ᠭᠤᠷᠪᠠ᠄ ᠬᠤᠷᠢᠮ᠎ᠤᠨ ᠪᠦᠬᠦᠯᠢ ᠰᠢᠬᠦᠰᠤᠨ᠎ᠤ ᠱᠠᠭ᠋ᠠᠶ᠋ᠢᠳᠤ ᠴᠢᠮᠤᠭᠡ ᠵᠢᠨ ᠱᠠᠭ᠎ᠠ ᠵᠢ ᠠᠪᠴᠤ ᠬᠠᠳᠠᠭ᠎ᠲᠤ ᠪᠤᠭᠤᠵᠤ ᠳᠡᠷ᠎ᠡ ᠳᠤᠤᠷ᠎ᠠ ᠭᠢᠳᠡᠭ ᠪᠦᠭᠡᠳ ᠰᠠᠶ᠋ᠢᠬᠠᠨ ᠬᠠᠳᠠᠭ᠋ᠠᠯᠠᠳᠠᠭ᠂ ᠨᠠᠭ᠋ᠠᠳᠤᠮ ᠳᠤᠭᠯᠠᠭ᠋ᠠᠮ᠎ᠳᠤ ᠭᠡᠷᠡᠭᠯᠡᠬᠦ ᠵᠢ ᠴᠡᠭᠡᠷᠯᠡᠨ᠎ᠡ᠃
     ᠠᠷᠪᠠᠨ ᠳᠦᠷᠪᠠ᠄ ᠮᠡᠷᠭᠡ ᠳᠦᠯᠭᠡ ᠲᠠᠯᠪᠢᠳᠠᠭ ᠱᠠᠭ᠎ᠠ ᠵᠢ ᠨᠠᠭ᠋ᠠᠳᠤᠮ ᠳᠤᠭᠯᠠᠭ᠋ᠠᠮ᠎ᠳᠤ ᠬᠡᠷᠡᠭᠯᠡᠬᠦ ᠵᠢ ᠴᠡᠭᠡᠷᠯᠡᠨ᠎ᠡ᠂ ᠮᠡᠷᠭᠡ ᠳᠦᠯᠭᠡ ᠳᠦᠭᠡᠷᠢᠨ᠎ᠡ ᠭᠡᠳᠡᠭ᠃
     ᠠᠷᠪᠠᠨ ᠲᠠᠪᠤ᠄ ᠬᠤᠷᠠᠭ᠎ᠠ ᠢᠰᠢᠭᠡ (ᠳᠦᠯ ᠮᠠᠯ᠎ᠤᠨ ᠱᠠᠭ᠎ᠠ) ᠵᠢᠨ ᠱᠠᠭ᠎ᠠ᠎ᠪᠠᠷ ᠨᠠᠭ᠋ᠠᠳᠬᠤ ᠵᠢ ᠴᠡᠭᠡᠷᠯᠡᠨ᠎ᠡ᠂ ᠡᠬᠡ ᠮᠠᠯ᠎ᠤᠨ ᠳᠡᠯᠡᠩ ᠬᠦᠬᠦ ᠡᠪᠳᠤᠨ᠎ᠡ ᠭᠡᠳᠡᠭ᠃
     ᠠᠷᠪᠠᠨ ᠵᠢᠷᠭᠤᠭ᠎ᠠ᠄ ᠱᠠᠭ᠎ᠠ ᠵᠢ ᠵᠠᠰᠠᠵᠤ ᠴᠡᠪᠡᠷᠯᠡᠬᠦ᠎ᠳᠡᠭᠡᠨ ᠱᠠᠭ᠎ᠠ ᠮᠦᠯᠵᠢᠬᠦ ᠭᠡᠵᠤ ᠬᠡᠯᠡᠬᠦ ᠵᠢ ᠴᠡᠭᠡᠷᠯᠡᠨ᠎ᠡ᠂ ᠬᠠᠷᠢᠨ ᠱᠠᠭ᠎ᠠ ᠵᠠᠰᠠᠬᠤ ᠭᠡᠵᠤ ᠬᠡᠯᠡᠳᠡᠭ᠃

ᠢᠷᠡᠯᠲᠡ᠄ ᠤᠷᠳᠤᠰ᠎ᠤᠨ ᠡᠳᠦᠷ᠎ᠤᠨ ᠰᠤᠨᠢᠨ