ᠭᠠᠯ ᠲᠠᠬᠢᠯᠭ᠎ᠠ ᠵᠢᠨ ᠴᠠᠢ
ᠨᠡᠶ᠋ᠢᠲᠡᠯᠡᠭᠰᠡᠨ ᠴᠠᠭ᠄ 2024-07-31
ᠭᠠᠯ ᠲᠠᠬᠢᠯᠭ᠎ᠠ ᠵᠢᠨ ᠵᠠᠩ ᠦᠢ᠍ᠯᠡ ᠪᠣᠯ ᠨᠡᠶ᠋ᠢᠲᠡ ᠮᠣᠩᠭᠤᠯ ᠲᠤᠭᠤᠷᠭ᠋ᠠᠲᠠᠨᠤ ᠨᠡᠶ᠋ᠢᠲᠡᠯᠢᠭ ᠲᠦᠭᠡᠮᠡᠯ ᠰᠢᠲᠦᠭᠡᠨᠤ ᠬᠡᠯᠪᠢᠷᠢ ᠪᠣᠯᠣᠨ᠎ᠠ᠃ ᠪᠠᠰᠠ ᠴᠤ᠌ ᠶᠡᠭᠡ ᠡᠷᠲᠡ ᠳᠡᠭᠡᠷ᠎ᠡ ᠦᠶ᠎ᠡ᠎ᠠᠴᠠ ᠤᠯᠠᠮᠵᠢᠯᠠᠯ ᠪᠦᠬᠦᠢ ᠮᠠᠯᠴᠢᠨ᠎ᠤ ᠰᠣᠶᠣᠯ ᠶᠤᠮ᠃ ᠮᠣᠩᠭᠤᠯ ᠬᠥᠮᠥᠨ ᠭᠠᠯ᠎ᠢ ᠡᠷᠬᠢᠮᠯᠡᠨ ᠬᠦᠨᠳᠦᠯᠡᠬᠦ᠂ ᠡᠩᠬᠡ ᠲᠤᠩᠬ᠎ᠠ ᠥᠭᠡᠳᠡ ᠬᠡᠢ ᠮᠣᠷᠢᠲᠠᠢ ᠰᠠᠶ᠋ᠢᠨ ᠰᠠᠶ᠋ᠢᠬᠠᠨ᠎ᠢ ᠵᠥᠩᠨᠡᠭᠰᠡᠨ ᠪᠡᠯᠭᠡᠳᠡᠯ᠎ᠤᠨ ᠠᠭᠤᠯᠭ᠎ᠠ᠎ᠲᠠᠢ ᠶᠤᠮ᠃ ᠡᠶ᠋ᠢᠮᠦ᠎ᠠᠴᠠ ᠰᠦᠨᠢᠳᠴᠤᠳ ᠬᠦᠬᠡᠬᠡ ᠰᠠᠷ᠎ᠠ ᠵᠢᠨ ᠬᠤᠷᠢᠨ ᠭᠤᠷᠪᠠᠨ᠂ ᠬᠤᠷᠢᠨ ᠳᠦᠷᠪᠡᠨ᠎ᠳᠤ ᠭᠠᠯ ᠲᠠᠬᠢᠬᠤ ᠶᠣᠰᠣᠨᠢ ᠬᠢᠳᠡᠭ᠃ ᠬᠦᠬᠡᠬᠡ ᠰᠠᠷ᠎ᠠ ᠵᠢᠨ ᠬᠤᠷᠢᠨ ᠭᠤᠷᠪᠠᠨ᠎ᠳᠤ ᠲᠠᠶ᠋ᠢᠵᠢ ᠢᠵᠠᠭᠤᠷᠲᠠᠨ᠂ ᠬᠤᠷᠢᠨ ᠳᠦᠷᠪᠡᠨ᠎ᠳᠤ ᠡᠭᠡᠯ ᠠᠷᠠᠳ ᠭᠠᠯ ᠵᠶ᠋ᠠᠨ ᠲᠠᠬᠢᠳᠠᠭ᠃ ᠮᠠᠯ ᠰᠦᠷᠦᠭ ᠬᠤᠲᠠᠯᠠᠵᠤ ᠣᠳᠣᠳ ᠲᠦᠭᠡᠭᠰᠡᠨᠤ ᠳᠠᠷᠠᠭ᠎ᠠ ᠭᠠᠯ ᠵᠶ᠋ᠠᠨ ᠲᠠᠬᠢᠬᠤ ᠶᠣᠰᠣᠲᠠᠢ᠃ ᠭᠠᠯ ᠲᠠᠬᠢᠬᠤ᠎ᠳᠠᠭᠠᠨ ᠡᠭᠦᠳᠡ ᠪᠣᠯᠣᠨ ᠬᠤᠶ᠋ᠢᠮᠤᠷᠲᠠᠭᠠᠨ ᠰᠢᠷᠢᠮᠡᠯ ᠰᠢᠷᠲᠡᠭ ᠳᠡᠪᠢᠰᠴᠦ᠂ ᠨᠢᠭᠡ ᠭᠡᠷ᠎ᠤᠨ ᠶᠡᠭᠡ ᠪᠠᠭ᠎ᠠ ᠭᠡᠰᠡᠨ ᠦᠭᠡᠢ ᠴᠡᠪᠡᠷ ᠰᠠᠶ᠋ᠢᠬᠠᠨ ᠬᠤᠪᠴᠠᠰᠤ᠎ᠪᠠᠨ ᠡᠮᠦᠰᠴᠦ᠂ ᠭᠡᠷ᠎ᠤᠨ ᠡᠵᠡᠨ᠎ᠤ ᠳᠠᠭ᠋ᠠᠭᠤᠯᠭ᠎ᠠ᠎ᠪᠠᠷ ᠬᠤᠨᠢᠨ᠎ᠤ ᠡᠪᠴᠢᠭᠦᠦ ᠵᠢ ᠲᠡᠮᠡᠭᠡᠨ᠎ᠤ ᠤᠩᠭᠤᠰᠤᠨ ᠤᠲᠠᠰᠤ᠎ᠪᠠᠷ ᠣᠷᠢᠶᠠᠵᠤ᠂ ᠰᠡᠮᠡᠵᠡᠨ᠎ᠳᠤᠨᠢ ᠪᠣᠭᠤᠵᠤ ᠭᠠᠯ ᠳᠡᠭᠡᠭᠦᠷ ᠵᠶ᠋ᠠᠨ 《ᠬᠤᠷᠤᠢ! ᠬᠤᠷᠤᠢ! ᠬᠤᠷᠤᠢ!》 ᠭᠡᠵᠦ ᠭᠤᠷᠪᠠ ᠵᠥᠪ ᠡᠷᠭᠢᠭᠦᠯᠦᠨ ᠭᠠᠯ ᠲᠤᠯᠭ᠎ᠠ᠎ᠳᠠᠭᠠᠨ ᠡᠷᠭᠦᠵᠦ᠂ ᠳᠡᠭᠡᠷ᠎ᠡ᠎ᠨᠢ ᠠᠷᠢᠬᠢ ᠰᠢᠷ᠎ᠠ ᠢᠳᠡᠭᠡ᠂ ᠳᠤᠷᠳᠤᠩ ᠲᠣᠷᠭ᠋ᠠᠨ ᠭᠡᠵᠦ ᠭᠤᠷᠪᠠ ᠵᠥᠪ ᠡᠷᠭᠢᠭᠦᠯᠦᠨ ᠭᠠᠯ ᠲᠤᠯᠭ᠎ᠠ᠎ᠳᠠᠭᠠᠨ ᠡᠷᠭᠦᠵᠦ ᠳᠡᠭᠡᠷ᠎ᠡ᠎ᠨᠢ ᠠᠷᠢᠬᠢ᠂ ᠰᠢᠷ᠎ᠠ ᠲᠣᠰᠣ᠂ ᠴᠠᠭ᠋ᠠᠨ ᠢᠳᠡᠭᠡ᠂ ᠳᠤᠷᠳᠤᠩ ᠲᠣᠷᠭ᠋ᠠᠨ ᠥᠭᠡᠳᠡᠰᠦ᠂ ᠲᠠᠪᠤᠨ ᠲᠠᠷᠢᠶ᠎ᠠ ᠵᠢᠨ ᠦᠷ᠎ᠡ ᠠᠷᠴᠠ᠂ ᠽᠠᠨᠳᠠᠨ ᠵᠡᠷᠭᠡ ᠵᠢ ᠡᠷᠭᠦᠵᠦ᠂ ᠮᠠᠯ᠎ᠤᠨ ᠪᠤᠶᠠᠨ᠂ ᠡᠳ᠋᠎ᠤᠨ ᠪᠤᠶᠠᠨ᠂ ᠡᠩᠬᠡ ᠵᠢᠨ ᠪᠤᠶᠠᠨ᠎ᠢ᠎ᠨᠢ ᠳᠠᠭ᠋ᠠᠳᠬᠠᠵᠤ᠂ ᠥᠯᠵᠡᠢ ᠬᠡᠢ ᠮᠣᠷᠢ ᠡᠩᠬᠡ ᠲᠤᠩᠬ᠎ᠠ ᠪᠤᠶᠠᠨ ᠵᠢᠷᠭ᠋ᠠᠯ᠎ᠲᠠᠢ ᠶᠠᠪᠤᠬᠤ ᠵᠢ ᠨᠠᠮᠠᠨᠴᠢᠯᠠᠨ ᠭᠤᠷᠪᠠᠨᠲᠠ ᠮᠥᠷᠭᠦᠵᠦ᠂ ᠬᠥᠮᠥᠨ ᠪᠦᠬᠦᠨ ᠭᠠᠯ᠎ᠳᠠᠭᠠᠨ ᠬᠤᠷᠢᠨ ᠬᠦᠵᠢ ᠠᠰᠠᠭ᠋ᠠᠵᠤ ᠥᠪᠡᠷ᠎ᠤᠨ ᠰᠦᠰᠦᠭ ᠪᠢᠰᠢᠷᠡᠯ᠎ᠤᠨ ᠡᠭᠦᠳᠡᠨ᠎ᠠᠴᠠ ᠭᠠᠯ᠎ᠳᠠᠭᠠᠨ ᠡᠷᠭᠦᠴᠡ ᠡᠷᠭᠦᠳᠡᠭ ᠪᠠᠶ᠋ᠢᠨ᠎ᠠ᠃ ᠭᠠᠯ ᠵᠶ᠋ᠠᠨ ᠲᠠᠬᠢᠵᠤ ᠳᠠᠭᠤᠰᠤᠮᠠᠭᠴᠠ ᠭᠡᠷ᠎ᠲᠡᠭᠡᠨ ᠭᠠᠯ ᠲᠠᠬᠢᠯᠭ᠎ᠠ ᠵᠢᠨ ᠴᠠᠢ ᠤᠤᠭᠤᠵᠤ᠂ ᠢᠳᠡᠭᠡ ᠪᠤᠳᠠᠭ᠎ᠠ ᠪᠦᠷᠢᠳᠬᠡᠵᠦ᠂ ᠠᠷᠢᠬᠢ ᠰᠠᠷᠬᠤᠳ ᠬᠡᠮᠨᠡᠵᠦ ᠨᠠᠶ᠋ᠢᠷᠠᠯᠳᠤᠨ ᠰᠠᠭᠤᠳᠠᠭ᠃
ᠢᠷᠡᠯᠲᠡ᠄ ᠰᠥᠨᠢᠳ ᠵᠡᠭᠦᠨ ᠬᠤᠰᠢᠭᠤᠨ᠎ᠤ ᠠᠷᠠᠳ᠎ᠤᠨ ᠵᠠᠰᠠᠭ᠎ᠤᠨ ᠣᠷᠳᠣᠨ