ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠮᠠᠯ᠎ᠤᠨ ᠠᠷᠠᠰᠤᠨ᠎ᠤ ᠨᠡᠷᠡᠢ᠌ᠳᠦᠯ

ᠨᠡᠶ᠋ᠢᠲᠡᠯᠡᠭᠰᠡᠨ ᠴᠠᠭ᠄   2024-07-31

      1. ᠨᠡᠬᠡᠢ — ᠦᠰᠦ᠎ᠨᠢ ᠭᠦᠢ᠍ᠴᠡᠭᠰᠡᠨ ᠬᠣᠨᠢ ᠵᠢ ᠲᠥᠬᠥᠭᠡᠷᠡᠭᠡᠳ ᠨᠣᠮ᠎ᠤᠨ ᠶᠣᠰᠣ᠎ᠪᠠᠷ ᠥᠪᠴᠢᠵᠦ ᠠᠪᠤᠭᠰᠠᠨ ᠪᠦᠷᠢᠨ ᠪᠦᠲᠦᠨ ᠠᠷᠠᠰᠤ᠃ ᠮᠥᠨ ᠡᠪᠦᠯ᠎ᠤᠨ ᠴᠠᠭ᠎ᠲᠤ ᠡᠰᠡᠪᠡᠯ ᠨᠠᠮᠤᠷ ᠣᠷᠣᠢ᠂ ᠬᠠᠪᠤᠷ ᠡᠷᠲᠡ ᠦᠬᠦᠭᠰᠡᠨ ᠮᠠᠯ᠎ᠠᠴᠠ ᠥᠪᠴᠢᠵᠦ ᠠᠪᠤᠭᠰᠠᠨ ᠰᠠᠬᠤᠯᠢᠭ ᠦᠰᠦ᠎ᠲᠠᠢ ᠠᠷᠠᠰᠤ᠃
      2. ᠰᠢᠷᠢ — ᠦᠬᠡᠷ᠂ ᠠᠳᠤᠭᠤ᠂ ᠲᠡᠮᠡᠭᠡ᠂ ᠲᠤᠷᠤᠭ ᠭᠥᠷᠥᠭᠡᠰᠦᠨ᠎ᠤ ᠠᠷᠠᠰᠤ᠃
      3. ᠲᠤᠷᠠᠰᠭ᠋᠎ᠠ — ᠲᠤᠷᠠᠵᠤ ᠦᠬᠦᠭᠰᠡᠨ ᠪᠤᠭ ᠮᠠᠯ᠎ᠤᠨ ᠬᠥᠷᠥᠰᠥ ᠮᠠᠭᠤᠲᠠᠢ ᠬᠡᠪᠡᠷᠡᠭ ᠠᠷᠠᠰᠤ᠃
      4. ᠠᠳᠠᠰᠬ᠎ᠠ — ᠡᠪᠡᠳᠴᠢᠨ ᠵᠶ᠋ᠠᠷ ᠡᠰᠡᠬᠦᠯ᠎ᠡ ᠥᠯᠪᠡᠷᠴᠦ ᠦᠬᠦᠭᠰᠡᠨ ᠮᠠᠯ᠎ᠤᠨ ᠠᠷᠠᠰᠤ ᠰᠢᠷᠢ᠃ ᠠᠳᠠᠰᠬ᠎ᠠ ᠵᠢ ᠨᠣᠬᠠᠢ᠎ᠳᠤ ᠳᠡᠪᠢᠰᠬᠦ᠂ ᠠᠷᠭ᠋ᠠᠯ ᠬᠣᠷᠭᠣᠯ ᠪᠦᠲᠡᠭᠡᠬᠦ᠂ ᠦᠨᠡᠰᠦ ᠬᠣᠭ ᠵᠥᠭᠡᠭᠡᠬᠦ᠎ᠳᠤ ᠬᠡᠷᠡᠭᠯᠡᠳᠡᠭ᠃
      5. ᠬᠥᠳᠥᠰᠥ — ᠡᠯᠳᠡᠭᠰᠡᠨ ᠨᠡᠬᠡᠢ ᠠᠷᠠᠰᠤᠨ᠎ᠤ ᠬᠠᠭᠤᠴᠢᠷᠠᠭᠰᠠᠨ ᠪᠠᠭ᠋ᠠᠬᠠᠨ ᠬᠡᠰᠡᠭ᠃
      6. ᠢᠯᠭᠢ — ᠮᠠᠯ ᠭᠥᠷᠥᠭᠡᠰᠦᠨ᠎ᠤ ᠠᠷᠠᠰᠤ ᠵᠢ ᠡᠯᠳᠡᠵᠦ ᠦᠰᠦ ᠵᠢ᠎ᠨᠢ ᠵᠤᠮᠠᠭ᠋ᠠᠯᠠᠬᠰᠠᠨ ᠨᠡᠬᠡᠢ ᠵᠢ ᠬᠡᠯᠡᠨ᠎ᠡ᠃
      7. ᠰᠡᠪᠬᠢ — ᠦᠢ᠍ᠯᠡᠳᠪᠦᠷᠢ ᠵᠢᠨ ᠠᠷᠭ᠎ᠠ᠎ᠪᠠᠷ ᠵᠤᠮᠠᠭ᠋ᠠᠯᠠᠵᠤ᠂ ᠪᠤᠳᠤᠬᠰᠠᠨ ᠢᠯᠭᠢ ᠵᠢ ᠬᠡᠯᠡᠨ᠎ᠡ᠃
      8. ᠬᠥᠮ — ᠲᠥᠯ᠎ᠠᠴᠠ ᠳᠡᠭᠡᠭᠰᠢ ᠨᠠᠰᠤᠨ᠎ᠤ ᠪᠤᠳᠠ ᠮᠠᠯ᠎ᠤᠨ ᠡᠯᠳᠡᠵᠦ ᠵᠥᠭᠡᠯᠡᠷᠡᠭᠦᠯᠦᠭᠰᠡᠨ ᠠᠷᠠᠰᠤ᠃
      9. ᠰᠣᠷᠰᠣᠨ — ᠵᠦᠷ᠎ᠤᠨ ᠠᠷᠠᠰᠤ᠃ ᠪᠣᠷᠣ ᠭᠥᠷᠥᠭᠡᠰᠦᠨ᠎ᠤ ᠡᠮᠡᠭᠴᠢᠨ᠎ᠢ᠎ᠨᠢ ᠵᠦᠷ ᠭᠡᠨ᠎ᠡ᠃
      10. ᠰᠠᠭ᠋ᠠᠷᠢ — ᠠᠳᠤᠭᠤ ᠵᠡᠷᠭᠡ ᠮᠠᠯ᠎ᠤᠨ ᠵᠣ᠋᠂ ᠬᠣᠨᠳᠣᠯᠠᠢ ᠵᠢᠨ ᠠᠷᠠᠰᠤ ᠵᠢ ᠪᠤᠯᠪᠠᠰᠤᠷᠠᠭᠤᠯᠵᠤ ᠠᠪᠤᠭᠰᠠᠨ᠎ᠢ ᠬᠡᠯᠡᠨ᠎ᠡ᠃ ᠠᠳᠤᠭᠤᠰᠤᠨ᠎ᠤ ᠴᠤᠯᠭᠤᠢ ᠠᠷᠠᠰᠤ ᠵᠢ ᠪᠠᠰᠠ ᠰᠠᠭ᠋ᠠᠷᠢ ᠭᠡᠳᠡᠭ ᠴᠦ᠍ ᠪᠤᠢ᠃
      11. ᠦᠳᠡᠭᠡᠷᠢ — ᠶᠠᠭᠤᠮ᠎ᠠ ᠵᠢ ᠦᠳᠡᠬᠦ᠎ᠳᠤ ᠬᠡᠷᠡᠭᠯᠡᠬᠦ ᠨᠠᠷᠢᠨ ᠵᠦᠰᠦᠭᠰᠡᠨ ᠰᠢᠷᠢ᠃
      12. ᠰᠠᠷᠢᠰᠤ — ᠬᠣᠨᠢ ᠢᠮᠠᠭ᠋ᠠᠨ᠎ᠤ ᠠᠷᠠᠰᠤ ᠵᠢ ᠪᠤᠯᠪᠠᠰᠤᠷᠠᠭᠤᠯᠵᠤ ᠬᠢᠭᠰᠡᠨ ᠨᠢᠮᠭᠡᠨ ᠢᠯᠭᠢ᠃
      13. ᠰᠠᠷᠮᠠᠢ — ᠦᠰᠦ᠎ᠨᠢ ᠵᠢᠭᠳᠡ ᠪᠤᠰᠤ ᠲᠠᠴᠢᠷ᠂ ᠵᠠᠷᠢᠮ ᠬᠡᠰᠡᠭ᠎ᠲᠡᠭᠡᠨ ᠬᠠᠯᠴᠠᠭ᠋ᠠᠢ ᠠᠷᠠᠰᠤ ᠵᠢ ᠬᠡᠯᠡᠨ᠎ᠡ
      14. ᠳᠠᠷᠵᠠ — ᠲᠠᠴᠢᠷ ᠦᠰᠦ᠎ᠲᠠᠢ ᠬᠣᠨᠢ ᠢᠮᠠᠭ᠋ᠠᠨ᠎ᠤ ᠠᠷᠠᠰᠤ᠃
      15. ᠰᠡᠭᠰᠡᠭᠦᠷᠭᠡ — ᠬᠥᠷᠥᠪᠡᠵᠢᠭᠰᠡᠨ᠂ ᠰᠡᠭᠰᠡᠯᠵᠡᠭᠰᠡᠨ ᠶᠡᠬᠡ ᠦᠰᠦ᠎ᠲᠠᠢ ᠬᠤᠷᠠᠭ᠋ᠠᠨ᠎ᠤ ᠠᠷᠠᠰᠤ᠃
      16. ᠦᠵᠦᠭᠦᠷᠰᠡᠭ — ᠬᠠᠪᠤᠷ ᠤᠷᠲᠤ ᠵᠢᠨ ᠦᠰᠦ ᠵᠢ ᠬᠢᠷᠭ᠋ᠠᠭᠰᠠᠨ᠎ᠠᠴᠠ ᠬᠣᠢ᠌ᠰᠢ ᠤᠷᠭᠤᠵᠤ ᠠᠬᠤᠷ᠎ᠲᠠᠢ ᠪᠣᠯᠤᠭᠰᠠᠨ ᠬᠤᠨᠢᠨ᠎ᠤ ᠠᠷᠠᠰᠤ ᠵᠢ ᠬᠡᠯᠡᠨ᠎ᠡ᠃


QQ图片20240731185532.jpg

ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ