ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠮᠣᠩᠭᠤᠯᠴᠤᠳ᠎ᠤᠨ ᠥᠯᠥᠭᠡᠢ ᠵᠢᠨ ᠶᠣᠰᠣᠨ

ᠨᠡᠶ᠋ᠢᠲᠡᠯᠡᠭᠰᠡᠨ ᠴᠠᠭ᠄   2024-07-23

     ᠮᠣᠩᠭᠤᠯᠴᠤᠳ ᠨᠢᠯᠬ᠎ᠠ ᠬᠡᠦᠬᠡᠳ ᠵᠶ᠋ᠠᠨ ᠥᠯᠥᠭᠡᠶ᠋ᠢᠳᠡᠵᠦ ᠥᠰᠬᠡᠬᠦ ᠵᠢ ᠡᠷᠬᠢᠮᠯᠡᠳᠡᠭ᠃ ᠥᠯᠥᠭᠡᠢ ᠵᠢᠨ ᠬᠤᠶᠠᠷ ᠠᠷᠠᠯ᠎ᠨᠢ ᠬᠤᠶᠠᠷ ᠲᠣᠬᠤᠢ ᠢᠯᠡᠭᠦᠦ ᠣᠷᠲᠣ᠂ ᠳᠣᠣᠷ᠎ᠠ ᠲᠠᠯ᠎ᠠ᠎ᠨᠢ ᠬᠠᠭ᠋ᠠᠰ ᠨᠣᠮᠣᠨ ᠬᠡᠯᠪᠡᠷᠢᠲᠡᠢ ᠮᠣᠳᠣᠨ ᠬᠠᠪᠲᠠᠰᠤ᠎ᠪᠠᠷ ᠪᠦᠲᠦᠭᠰᠡᠨ ᠪᠥᠭᠡᠳ ᠬᠤᠶᠠᠷ ᠠᠷᠠᠯ ᠳᠡᠭᠡᠷ᠎ᠡ᠎ᠨᠢ ᠭᠤᠶᠣᠮᠰᠤᠭ ᠵᠢᠵᠢᠭ ᠴᠣᠩᠬᠤ ᠤᠷᠠᠯᠠᠨ ᠵᠠᠰᠠᠭᠰᠠᠨ ᠪᠠᠶ᠋ᠢᠳᠠᠭ᠃ ᠨᠣᠮᠣᠨ ᠬᠡᠯᠪᠡᠷᠢᠲᠡᠢ ᠠᠷᠠᠯ᠎ᠤᠨ ᠢᠷᠤᠭ᠋ᠠᠷ᠎ᠨᠢ ᠥᠯᠥᠭᠡᠢ᠎ᠪᠠᠨ ᠬᠥᠳᠡᠯᠭᠡᠬᠦ᠎ᠳᠤ ᠦᠢ᠍ᠯᠡᠳᠦᠯ᠎ᠲᠠᠢ᠂ ᠠᠷᠠᠯ ᠳᠡᠭᠡᠷᠡᠬᠢ ᠵᠢᠵᠢᠭ ᠴᠣᠩᠬᠤ᠎ᠨᠢ ᠨᠢᠯᠬ᠎ᠠ ᠬᠡᠦᠬᠡᠳ ᠵᠶ᠋ᠠᠨ ᠳᠠᠷᠤᠨ ᠤᠶᠠᠬᠤ᠎ᠳᠤ ᠬᠡᠷᠡᠭᠯᠡᠨ᠎ᠡ᠃ ᠥᠯᠥᠭᠡᠢ ᠬᠢᠬᠦ ᠮᠣᠳᠣ ᠵᠢ ᠵᠠᠪᠠᠯ ᠦᠷᠡᠯᠡᠬᠦ ᠮᠣᠳᠣ ᠰᠣᠩᠭᠤᠨ᠎ᠠ᠂ ᠥᠯᠥᠭᠡᠢ ᠵᠢᠨ ᠲᠣᠯᠣᠭ᠋ᠠᠢ᠎ᠨᠢ ᠬᠠᠪᠢᠷᠭ᠋ᠠᠨ ᠰᠠᠷᠠ ᠬᠡᠯᠪᠡᠷᠢᠲᠡᠢ᠂ ᠪᠤᠷᠭ᠋ᠠᠰᠤ ᠵᠢ ᠮᠠᠲᠠᠶ᠋ᠢᠯᠭ᠋ᠠᠭᠰᠠᠨ᠎ᠤ ᠲᠠᠷᠠᠭ᠎ᠠ ᠤᠯᠠᠭ᠋ᠠᠨ ᠪᠤᠶᠤ ᠴᠠᠭ᠋ᠠᠨ ᠪᠥᠰ ᠵᠶ᠋ᠠᠷ ᠪᠦᠷᠬᠦᠨ ᠣᠶᠣᠵᠤ᠂ ᠬᠦᠦ ᠪᠣᠯ ᠮᠣᠷᠢ᠂ ᠪᠦᠷᠭᠦᠳ ᠵᠡᠷᠭᠡ ᠠᠮᠢᠲᠠᠨ ᠤᠷᠠᠯᠠᠨ ᠣᠶᠣᠵᠤ᠂ ᠡᠷᠡᠯᠬᠡᠭ ᠪᠠᠭ᠋ᠠᠲᠤᠷ ᠬᠡᠶ᠋ᠢᠮᠣᠷᠢ᠎ᠲᠠᠢ ᠪᠣᠯᠬᠤ ᠵᠢ ᠪᠡᠯᠭᠡᠳᠡᠳᠡᠭ᠃ ᠥᠬᠢᠨ ᠪᠣᠯ ᠬᠤᠸᠠᠷ ᠴᠡᠴᠡᠭ᠂ ᠮᠣᠳᠣ ᠤᠷᠭᠤᠮᠠᠯ ᠬᠠᠳᠬᠤᠨ ᠣᠶᠣᠵᠤ᠂ ᠰᠡᠴᠡᠨ ᠰᠡᠷᠭᠦᠯᠡᠭ ᠭᠤᠶᠣ ᠬᠡᠭᠡᠨᠴᠢᠷ ᠪᠣᠯᠬᠤ ᠵᠢ᠎ᠨᠢ ᠵᠥᠩᠨᠡᠳᠡᠭ᠃ ᠥᠯᠥᠭᠡᠢ ᠵᠢᠨ ᠲᠣᠯᠣᠭ᠋ᠠᠢ᠎ᠳᠤ ᠪᠠᠰᠠ ᠲᠣᠯᠢ᠂ ᠪᠠᠷᠰ᠎ᠤᠨ ᠰᠠᠪᠠᠷ᠂ ᠢᠮᠠᠭ᠋ᠠᠨ ᠡᠪᠡᠷ᠂ ᠬᠤᠨᠢᠨ ᠱᠠᠭ᠎ᠠ ᠡᠯᠭᠦᠳᠡᠭ᠎ᠨᠢ ᠭᠠᠢ ᠪᠠᠷᠴᠢᠳ᠎ᠢ ᠠᠷᠢᠯᠭ᠋ᠠᠵᠤ᠂ ᠠᠮᠤᠷ ᠲᠠᠶ᠋ᠢᠪᠣᠭ᠌᠎ᠢ ᠬᠦᠰᠡᠨ ᠪᠡᠯᠭᠡᠳᠡᠭᠰᠡᠨ ᠰᠠᠨᠠᠭ᠎ᠠ ᠪᠣᠯᠣᠨ᠎ᠠ᠃ ᠣᠳᠣ ᠴᠦ᠍ ᠭᠡᠳ ᠥᠯᠥᠭᠡᠢ ᠵᠢᠨ ᠲᠣᠯᠣᠭ᠋ᠠᠢ᠎ᠳᠤ ᠲᠣᠯᠢ ᠡᠯᠭᠦᠬᠦ᠎ᠨᠢ ᠨᠡᠯᠢᠶᠡᠳ ᠬᠠᠳᠠᠭ᠋ᠠᠯᠠᠭᠳᠠᠵᠤ ᠪᠠᠶ᠋ᠢᠨ᠎ᠠ᠃ ᠬᠦᠦ᠎ᠲᠠᠢ ᠪᠣᠯᠪᠠᠯ ᠨᠠᠭ᠋ᠠᠴᠤ᠎ᠠᠴᠠ᠎ᠨᠢ ᠥᠯᠥᠭᠡᠢ ᠬᠦᠷᠭᠡᠳᠡᠭ᠂ ᠡᠨᠡ᠎ᠨᠢ ᠡᠷᠲᠡᠨ᠎ᠤ ᠦᠶ᠎ᠡ ᠵᠢᠨ ᠬᠦᠦ ᠵᠢ ᠬᠦᠨᠳᠣᠳᠬᠡᠵᠣ ᠬᠡᠦᠬᠡᠨ᠎ᠢ ᠬᠥᠩᠭᠡᠪᠴᠢᠯᠡᠬᠦ ᠨᠠᠵᠠᠭ᠋ᠠᠢ ᠲᠠᠯ᠎ᠠ᠎ᠠᠴᠠ ᠪᠣᠯᠤᠭᠰᠠᠨ ᠪᠠᠶ᠋ᠢᠬ᠎ᠠ᠃ ᠣᠳᠣ ᠨᠡᠶ᠋ᠢᠭᠡᠮ᠎ᠤᠨ ᠬᠥᠭᠵᠢᠯᠲᠡ ᠪᠣᠯᠣᠨ ᠡᠷᠡᠭᠲᠡᠢ ᠡᠮᠡᠭᠲᠡᠢ ᠵᠢ ᠡᠷᠬᠡ ᠲᠡᠭᠰᠢ ᠦᠵᠡᠬᠦ ᠪᠣᠯᠤᠭᠰᠠᠨ᠎ᠠᠴᠠ ᠬᠦᠦ ᠬᠡᠦᠬᠡᠨ ᠭᠡᠵᠦ ᠢᠯᠭ᠋ᠠᠯ ᠦᠭᠡᠢ᠂ ᠨᠠᠭ᠋ᠠᠴᠤ᠎ᠠᠴᠠ᠎ᠨᠢ ᠥᠯᠥᠭᠡᠢ ᠬᠦᠷᠭᠡᠵᠦ᠂ ᠬᠠᠶ᠋ᠢᠷᠠᠯᠠᠨ ᠰᠠᠨᠠᠵᠤ ᠪᠠᠶ᠋ᠢᠬᠤ ᠰᠡᠳᠬᠢᠯ ᠵᠶ᠋ᠠᠨ ᠢᠯᠡᠳᠬᠡᠬᠦ ᠪᠣᠯᠵᠠᠢ᠃ ᠪᠠᠰᠠ ᠵᠠᠷᠢᠮ᠎ᠨᠢ ᠰᠢᠨ᠎ᠡ ᠥᠯᠥᠭᠡᠢ ᠬᠡᠷᠡᠭᠯᠡᠬᠦ ᠦᠭᠡᠢ᠂ ᠲᠤᠰᠬᠠᠶ᠋ᠢᠯᠠᠨ ᠣᠯᠠᠨ ᠬᠡᠦᠬᠡᠳ ᠥᠯᠥᠭᠡᠶ᠋ᠢᠳᠡᠵᠦ ᠥᠩᠭᠡᠷᠡᠭᠰᠡᠨ ᠥᠯᠥᠭᠡᠢ ᠵᠢᠭᠡᠯᠡᠵᠦ ᠥᠯᠥᠭᠡᠶ᠋ᠢᠳᠡᠳᠡᠭ᠂ ᠣᠯᠠᠨ ᠬᠡᠦᠬᠡᠳ ᠥᠯᠥᠭᠡᠶ᠋ᠢᠳᠡᠵᠦ ᠥᠰᠬᠡᠭᠰᠡᠨ ᠥᠯᠥᠭᠡᠢ ᠬᠡᠦᠬᠡᠳ᠎ᠲᠤᠨᠢ ᠥᠯᠵᠡᠢ ᠪᠡᠯᠭᠡ ᠠᠪᠴᠢᠷᠠᠨ᠎ᠠ ᠭᠡᠵᠦ ᠦᠵᠡᠳᠡᠭ᠃
     ᠥᠯᠥᠭᠡᠢ ᠵᠢᠨ ᠳᠡᠪᠢᠰᠬᠡᠷ᠎ᠢ ᠵᠣᠬᠢᠶᠠᠬᠤ᠎ᠳᠠᠭᠠᠨ ᠴᠡᠪᠡᠷᠯᠡᠵᠦ ᠬᠠᠳᠠᠭ᠋ᠠᠭᠰᠠᠨ ᠰᠠᠭ᠋ᠠᠭ᠎ᠤᠨ ᠬᠠᠯᠢᠰᠤ ᠵᠢ ᠪᠥᠰ ᠤᠭᠤᠲᠠᠨ᠎ᠳᠤ ᠰᠠᠪᠠᠯᠠᠵᠤ ᠣᠶᠣᠭ᠋ᠠᠳ ᠬᠠᠮᠤᠭ᠎ᠤᠨ ᠳᠣᠣᠷ᠎ᠠ᠎ᠨᠢ ᠳᠡᠪᠢᠰᠦᠨ᠎ᠡ᠃ ᠡᠨᠡ᠎ᠨᠢ ᠴᠢᠬᠢᠭ᠎ᠢ ᠰᠡᠷᠭᠡᠶ᠋ᠢᠯᠡᠵᠦ᠂ ᠬᠠᠯᠠᠭᠤᠨ᠎ᠢ ᠲᠠᠷᠬᠠᠭ᠋ᠠᠬᠤ ᠦᠢ᠍ᠯᠡᠳᠦᠯ᠎ᠲᠠᠢ᠃ ᠲᠠᠷᠠᠭ᠎ᠠ᠎ᠨᠢ ᠬᠤᠴᠢᠯᠭ᠎ᠠ ᠵᠢᠨ ᠨᠢᠭᠡ ᠦᠵᠦᠭᠦᠷ᠎ᠢ ᠥᠯᠥᠭᠡᠢ ᠵᠢᠨ ᠲᠣᠯᠣᠭ᠋ᠠᠢ ᠤᠷᠤᠭᠤ ᠬᠠᠨᠳᠤᠭᠤᠯᠤᠨ ᠳᠡᠯᠭᠡᠵᠦ ᠲᠠᠯᠪᠢᠭ᠋ᠠᠳ᠂ ᠳᠡᠭᠡᠷ᠎ᠡ᠎ᠨᠢ ᠬᠠᠯᠠᠭᠤᠯᠵᠤ ᠬᠠᠭᠤᠷᠠᠶ᠋ᠢᠯᠠᠭᠰᠠᠨ ᠮᠠᠩᠬᠠᠨ ᠰᠢᠷᠣᠢ᠎ᠪᠠᠨ ᠲᠡᠭᠰᠢᠯᠡᠨ ᠳᠡᠪᠢᠰᠴᠦ᠂ ᠬᠡᠦᠬᠡᠳ᠎ᠤᠨ ᠲᠣᠯᠣᠭ᠋ᠠᠢ ᠵᠢ ᠥᠯᠥᠭᠡᠢ ᠵᠢᠨ ᠬᠠᠶᠠᠭ᠎ᠠ᠎ᠳᠤ ᠲᠤᠯᠭ᠋ᠠᠨ ᠬᠡᠦᠬᠡᠳ ᠵᠶ᠋ᠠᠨ ᠬᠡᠪᠲᠡᠭᠦᠯᠦᠨ᠎ᠡ᠃ ᠡᠨᠡ᠎ᠨᠢ ᠬᠥᠩᠭᠡᠵᠢᠯᠲᠡ᠎ᠠᠴᠠ ᠪᠣᠯᠤᠭᠰᠠᠨ ᠬᠡᠦᠬᠡᠳ᠎ᠤᠨ ᠲᠣᠯᠣᠭ᠋ᠠᠢ ᠬᠡᠲᠦᠷᠬᠡᠢ ᠭᠤᠵᠤᠭ᠋ᠠᠷ ᠪᠣᠯᠤᠭᠰᠠᠨ᠎ᠢ ᠵᠠᠯᠠᠷᠠᠭᠤᠯᠬᠤ ᠦᠢ᠍ᠯᠡᠳᠦᠯ᠎ᠲᠠᠢ᠃ ᠳᠡᠪᠢᠰᠦᠭᠰᠡᠨ ᠮᠠᠩᠬ᠎ᠠ ᠰᠢᠷᠣᠢ᠎ᠨᠢ ᠬᠡᠦᠬᠡᠳ᠎ᠲᠤ ᠲᠠᠭ᠋ᠠᠲᠠᠢ ᠮᠥᠷᠲᠡᠭᠡᠨ ᠰᠢᠭᠡᠰᠦ ᠵᠢ ᠰᠢᠩᠭᠡᠭᠡᠬᠦ ᠦᠢ᠍ᠯᠡᠳᠦᠯ᠎ᠲᠠᠢ᠃ ᠬᠡᠦᠬᠡᠳ ᠵᠶ᠋ᠠᠨ ᠴᠢᠩᠭ᠎ᠠ ᠪᠠᠭᠯᠠᠭ᠋ᠠᠳ ᠥᠯᠥᠭᠡᠢ ᠵᠢᠨ ᠠᠷᠠᠯ᠎ᠳᠤ ᠵᠣᠬᠢᠶᠠᠭᠰᠠᠨ ᠪᠦᠰᠡ᠎ᠪᠠᠷ ᠴᠢᠩᠭ᠎ᠠ ᠳᠠᠷᠤᠭᠤᠯᠤᠨ ᠤᠶᠠᠨ᠎ᠠ᠂ ᠡᠨᠡ᠎ᠨᠢ ᠬᠡᠦᠬᠡᠳ᠎ᠤᠨ ᠬᠥᠯ ᠮᠤᠷᠤᠢ ᠪᠣᠯᠬᠤ᠎ᠠᠴᠠ ᠰᠡᠷᠭᠡᠶ᠋ᠢᠯᠡᠨ᠎ᠡ᠃ ᠥᠯᠥᠭᠡᠢ᠎ᠪᠠᠨ ᠬᠥᠩᠭᠡᠨ ᠬᠥᠳᠡᠯᠭᠡᠵᠦ᠂ ᠬᠡᠦᠬᠡᠳ ᠵᠶ᠋ᠠᠨ ᠠᠮᠲᠠᠲᠤ ᠨᠣᠶ᠋ᠢᠷ᠎ᠲᠤᠨᠢ ᠣᠷᠣᠭᠤᠯᠤᠨ᠎ᠠ᠃ ᠣᠳᠣ ᠠᠮᠢᠳᠤᠷᠠᠯ᠎ᠤᠨ ᠨᠥᠬᠦᠴᠡᠯ ᠰᠠᠶ᠋ᠢᠵᠢᠷᠠᠭᠰᠠᠨ ᠲᠤᠯᠠ ᠰᠢᠭᠡᠰᠦ ᠠᠭᠤᠰᠬᠠᠬᠤ ᠪᠥᠰ ᠵᠶ᠋ᠠᠷ ᠮᠠᠩᠬ᠎ᠠ ᠰᠢᠷᠣᠢ ᠵᠢ ᠣᠷᠣᠯᠠᠭᠤᠯᠬᠤ᠎ᠨᠢ ᠣᠯᠠᠨ ᠪᠣᠯᠵᠠᠢ᠃
     ᠮᠣᠩᠭᠤᠯᠴᠤᠳ᠎ᠤᠨ ᠬᠡᠦᠬᠡᠳ ᠵᠶ᠋ᠠᠨ ᠥᠯᠥᠭᠡᠶ᠋ᠢᠳᠡᠵᠦ ᠥᠰᠬᠡᠬᠦ ᠶᠣᠰᠣ᠎ᠨᠢ ᠦᠷ᠎ᠡ ᠬᠡᠦᠬᠡᠳ ᠵᠶ᠋ᠠᠨ ᠡᠷᠡᠭᠦᠯ ᠰᠠᠶ᠋ᠢᠬᠠᠨ ᠪᠡᠶ᠎ᠡ ᠲᠥᠷᠬᠦ᠎ᠲᠠᠢ ᠪᠣᠯᠭ᠋ᠠᠨ ᠲᠣᠷᠨᠢᠭᠤᠯᠤᠨ ᠪᠣᠶ᠋ᠢᠵᠢᠭᠤᠯᠬᠤ᠎ᠳᠤ ᠬᠡᠮᠵᠢᠶᠡᠯᠡᠰᠢ ᠦᠭᠡᠢ ᠦᠢ᠍ᠯᠡᠳᠦᠯ ᠴᠢᠳᠠᠪᠤᠷᠢ᠎ᠪᠠᠨ ᠦᠵᠡᠭᠦᠯᠦᠭᠰᠡᠨ ᠪᠠᠶ᠋ᠢᠨ᠎ᠠ᠃

ᠢᠷᠡᠯᠲᠡ᠄ ᠤᠷᠠᠳ᠎ᠤᠨ ᠬᠤᠶ᠋ᠢᠲᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠠ