ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠮᠣᠩᠭᠤᠯᠴᠤᠳ᠎ᠤᠨ ᠬᠡᠯᠡ ᠶᠠᠷᠢᠶᠠᠨ᠎ᠤ ᠲᠤᠬᠠᠢ ᠴᠡᠭᠡᠷ ᠶᠣᠰᠣᠨ (ᠨᠢᠭᠡ)

ᠨᠡᠶ᠋ᠢᠲᠡᠯᠡᠭᠰᠡᠨ ᠴᠠᠭ᠄   2024-06-22

     ᠮᠣᠩᠭᠤᠯᠴᠤᠳ᠎ᠤᠨ ᠵᠠᠩ ᠵᠠᠩᠰᠢᠯ᠂ ᠴᠡᠭᠡᠷ ᠶᠣᠰᠣᠨ᠎ᠨᠢ ᠶᠡᠬᠡᠩᠬᠢ᠎ᠳᠡᠭᠡᠨ ᠠᠳᠠᠯᠢᠬᠠᠨ ᠬᠡᠷᠡᠭᠯᠡᠭᠳᠡᠵᠦ ᠢᠷᠡᠭᠰᠡᠨ ᠪᠣᠯᠪᠠᠴᠤ ᠭᠠᠵᠠᠷ ᠭᠠᠵᠠᠷ᠎ᠤᠨ ᠭᠠᠯᠠᠭᠤ ᠰᠢᠪᠠᠭᠤ᠎ᠨᠢ ᠭᠤᠸᠠᠯᠠᠬᠤ᠎ᠨᠢ ᠣᠨᠳᠣᠣ ᠭᠡᠳᠡᠭᠴᠢᠯᠡᠨ ᠲᠤᠰᠪᠦᠷᠢ ᠦᠭᠡ ᠬᠡᠯᠡᠯᠭᠡ᠂ ᠵᠠᠩ ᠳᠠᠳᠬᠠᠯ᠎ᠤᠨ ᠨᠠᠷᠢᠨ ᠢᠯᠭ᠋ᠠᠭ᠎ᠠ ᠬᠠᠷᠠᠭᠳᠠᠵᠤ ᠪᠠᠶ᠋ᠢᠳᠠᠭ ᠶᠤᠮ᠃ ᠶᠡᠷᠦ᠎ᠨᠢ ᠴᠡᠭᠡᠷᠯᠡᠬᠦ ᠶᠣᠰᠣᠨ᠎ᠳᠤ ᠬᠥᠮᠦᠨ ᠪᠦᠬᠦᠨ ᠶᠠᠮᠠᠷ ᠶᠠᠮᠠᠷ ᠵᠦᠢ᠍ᠯ᠎ᠢ ᠶᠠᠭᠤᠨ᠎ᠤ ᠤᠴᠢᠷ᠎ᠠᠴᠠ ᠨᠠᠰᠤᠨ ᠡᠭᠦᠷᠢᠳᠡ ᠴᠡᠭᠡᠷᠯᠡᠬᠦ ᠴᠢᠬᠤᠯᠠ᠎ᠲᠠᠢ ᠪᠤᠢ᠂ ᠶᠠᠭᠤ ᠶᠠᠭᠤ ᠵᠢ ᠶᠠᠮᠠᠷ ᠰᠢᠯᠲᠠᠭ᠋ᠠᠨ᠎ᠠᠴᠠ ᠣᠬᠤᠷᠬᠠᠨ ᠬᠤᠭᠤᠴᠠᠭ᠋ᠠᠨ᠎ᠳᠤ ᠠᠩᠬᠠᠷᠴᠤ ᠬᠢᠴᠢᠶᠡᠬᠦ ᠬᠡᠷᠡᠭᠲᠡᠢ ᠪᠤᠢ ᠭᠡᠳᠡᠭ᠎ᠢ ᠲᠡᠭᠦᠨ᠎ᠤ ᠦᠭᠡ ᠬᠡᠯᠡ᠂ ᠶᠣᠰᠣ ᠰᠤᠷᠲᠠᠬᠤᠨ᠂ ᠱᠠᠰᠢᠨ ᠰᠤᠷᠲᠠᠬᠤᠨ᠂ ᠭᠤᠸ᠎ᠠ ᠵᠦᠢ᠂ ᠰᠡᠳᠬᠢᠴᠡ ᠵᠦᠢ᠂ ᠡᠷᠡᠭᠦᠯ ᠡᠩᠬᠡ᠂ ᠪᠠᠶ᠋ᠢᠭ᠋ᠠᠯᠢ ᠵᠢᠨ ᠬᠠᠤᠯᠢ ᠵᠡᠷᠭᠡ ᠬᠤᠯᠪᠣᠭᠳᠠᠯ᠎ᠲᠠᠢ ᠵᠦᠢ᠍ᠯ᠎ᠤᠳ᠎ᠠᠴᠠ᠎ᠨᠢ ᠰᠤᠳᠤᠯᠵᠤ᠂ ᠭᠦᠢ᠍ᠴᠡᠳ ᠵᠥᠪ ᠲᠠᠨᠢᠬᠤ ᠴᠢᠬᠤᠯᠠᠲᠠᠢ ᠭᠡᠳᠡᠭ᠎ᠢ ᠶᠠᠭᠤᠨ᠎ᠤ ᠤᠷᠢᠳ ᠠᠩᠬᠠᠷᠬᠤ ᠬᠡᠷᠡᠭᠲᠡᠢ ᠶᠤᠮ᠃ ᠡᠶ᠋ᠢᠮᠦ᠎ᠠᠴᠠ ᠮᠣᠩᠭᠤᠯᠴᠤᠳ ᠡᠷᠲᠡ ᠦᠶ᠎ᠡ᠎ᠠᠴᠠ ᠠᠭᠤᠵᠢᠮ ᠪᠠᠭᠲᠠᠭ᠋ᠠᠮᠵᠢᠲᠠᠢ ᠪᠣᠯᠪᠠᠰᠤᠨ᠂ ᠴᠡᠪᠡᠷ ᠦᠭᠡ ᠶᠠᠷᠢᠶ᠎ᠠ ᠵᠢ ᠴᠢᠬᠤᠯᠠᠴᠢᠯᠠᠵᠤ᠂ ᠡᠭᠦᠨ ᠵᠶ᠋ᠠᠷ ᠬᠥᠮᠦᠨ ᠬᠥᠮᠦᠨ᠎ᠤ ᠬᠤᠭᠤᠷᠣᠨᠳᠣᠬᠢ᠂ ᠠᠶ᠋ᠢᠯ ᠰᠠᠭ᠋ᠠᠬᠠᠯᠲᠠ ᠵᠢᠨ ᠬᠤᠭᠤᠷᠣᠨᠳᠣᠬᠢ ᠪᠦᠷ ᠴᠢᠨᠠᠭᠰᠢᠯᠠᠭ᠋ᠠᠳ ᠪᠦᠬᠦ ᠨᠡᠶ᠋ᠢᠭᠡᠮ᠎ᠤᠨ ᠡᠪ ᠨᠠᠶ᠋ᠢᠷ᠂ ᠡᠶ᠎ᠡ ᠵᠣᠬᠢᠴᠠᠯ᠎ᠢ ᠪᠠᠲᠤᠳᠬᠠᠵᠤ ᠢᠷᠡᠭᠰᠡᠨ᠎ᠨᠢ ᠭᠠᠶ᠋ᠢᠬᠠᠯᠲᠠᠢ᠃
     ᠮᠣᠩᠭᠤᠯᠴᠤᠳ ᠠᠮᠤᠷ ᠮᠡᠨᠳᠦ ᠠᠰᠠᠭᠤᠯᠴᠠᠬᠤ᠎ᠳᠤ ᠪᠠᠰᠠ ᠴᠡᠭᠡᠷ ᠶᠣᠰᠣᠨ ᠪᠠᠶ᠋ᠢᠳᠠᠭ᠃ ᠵᠢᠱ᠌ᠢᠶᠡᠯᠡᠪᠡᠯ 《ᠰᠠᠶ᠋ᠢᠨ ᠶᠠᠪᠤᠵᠤ ᠪᠠᠶ᠋ᠢᠨ᠎ᠠ ᠤᠤ?》 ᠭᠡᠵᠦ ᠠᠰᠠᠭᠤᠬᠤ ᠵᠢ ᠴᠡᠭᠡᠷᠯᠡᠵᠦ ᠪᠠᠶ᠋ᠢᠭᠰᠠᠨ ᠶᠤᠮ᠃ ᠵᠣᠴᠢᠨ᠎ᠢ ᠬᠦᠨᠳᠦᠳᠬᠡᠬᠦ ᠡᠭᠦᠳᠡᠨ᠎ᠠᠴᠠ ᠥᠪᠡᠷ᠎ᠤᠨ ᠰᠠᠶ᠋ᠢᠨ ᠰᠠᠶ᠋ᠢᠬᠠᠨ ᠰᠠᠨᠠᠭ᠎ᠠ᠂ ᠴᠠᠭ᠋ᠠᠪᠤᠷ ᠰᠡᠳᠬᠢᠯ ᠵᠶ᠋ᠠᠨ ᠢᠯᠡᠳᠬᠡᠬᠦ ᠵᠢᠨ ᠲᠥᠯᠥᠭᠡ᠂ ᠵᠣᠴᠢᠨ ᠢᠷᠡᠪᠡᠯ ᠭᠠᠳᠠᠨ᠎ᠠ ᠭᠠᠷᠴᠤ ᠨᠣᠬᠠᠢ ᠬᠤᠷᠢᠵᠤ᠂ ᠭᠡᠷ᠎ᠲᠡᠭᠡᠨ ᠣᠷᠣᠭᠤᠯᠤᠭ᠋ᠠᠳ᠄ 《ᠲᠠ ᠰᠠᠶ᠋ᠢᠨ ᠮᠣᠷᠢᠯᠠᠵᠤ ᠪᠠᠶ᠋ᠢᠨ᠎ᠠ ᠤᠤ?》 ᠭᠡᠵᠦ ᠳᠣᠲᠣᠨᠣᠴᠢᠯᠠᠨ ᠠᠮᠤᠷ ᠠᠰᠠᠭᠤᠨ᠂ ᠬᠦᠬᠦᠷ ᠰᠣᠯᠢᠯᠴᠠᠨ ᠮᠡᠨᠳᠦᠴᠢᠯᠡᠳᠡᠭ ᠵᠠᠩᠰᠢᠯ᠎ᠲᠠᠢ᠃ ᠮᠥᠨᠴᠦ ᠴᠠᠭ᠋ᠠᠨ ᠢᠳᠡᠭᠡ ᠲᠠᠪᠠᠭᠯᠠᠨ᠂ ᠰᠦ᠎ᠲᠠᠢ ᠴᠠᠢ ᠠᠶᠠᠭ᠋ᠠᠯᠠᠵᠤ ᠵᠠᠰᠠᠳᠠᠭ ᠠᠷᠢᠭᠤᠨ ᠵᠠᠩᠰᠢᠯ᠎ᠲᠠᠢ ᠪᠠᠶ᠋ᠢᠳᠠᠭ᠃ ᠬᠠᠭᠤᠴᠢᠨ᠎ᠳᠤ ᠮᠣᠩᠭᠤᠯᠴᠤᠳ 《ᠤᠰᠤ ᠤᠤᠭᠤ》 ᠭᠡᠵᠦ ᠬᠡᠯᠡᠬᠦ ᠵᠢ ᠴᠡᠭᠡᠷᠯᠡᠳᠡᠭ ᠪᠠᠶ᠋ᠢᠵᠠᠢ᠃ ᠮᠣᠩᠭᠤᠯᠴᠤᠳ᠎ᠤᠨ ᠤᠯᠠᠮᠵᠢᠯᠠᠯᠲᠤ ᠶᠣᠰᠣᠨ ᠵᠶ᠋ᠠᠷ ᠪᠤᠷᠬᠠᠨ᠎ᠳᠤ ᠪᠣᠯ ᠲᠠᠬᠢᠯ᠂ ᠲᠡᠭᠷᠢ᠎ᠳᠤ ᠪᠣᠯ ᠰᠠᠴᠤᠯᠢ᠂ ᠬᠥᠮᠦᠨ᠎ᠳᠤ ᠪᠣᠯ ᠤᠮᠳᠠ᠂ ᠮᠠᠯ ᠠᠳᠤᠭᠤᠰᠤ᠎ᠳᠤ ᠪᠣᠯ ᠰᠠᠶᠢ 《ᠤᠰᠤ》᠂ ᠴᠢᠳᠬᠦᠷ᠎ᠲᠤ ᠪᠣᠯ ᠴᠢᠰᠤ ᠭᠡᠬᠦ ᠵᠡᠷᠭᠡ ᠤᠳᠬ᠎ᠠ ᠵᠢᠨ ᠨᠠᠷᠢᠨ ᠢᠯᠭ᠋ᠠᠭ᠎ᠠ᠎ᠲᠠᠢ ᠬᠡᠷᠡᠭᠯᠡᠭᠳᠡᠳᠡᠭ ᠪᠠᠶ᠋ᠢᠭᠰᠠᠨ ᠪᠥᠭᠡᠳ ᠪᠤᠮᠪᠠ᠎ᠳᠤ ᠭᠠᠷ ᠨᠢᠭᠤᠷ ᠤᠬᠢᠶᠠᠬᠤ ᠵᠢ᠎ᠨᠢ ᠷᠠᠰᠢᠶᠠᠨ᠂ ᠲᠡᠭᠷᠢ᠎ᠠᠴᠠ ᠪᠠᠭᠤᠬᠤ ᠵᠢ᠎ᠨᠢ ᠪᠣᠷᠣᠭ᠋ᠠᠨ ᠬᠤᠷ᠎ᠠ᠂ ᠭᠠᠵᠠᠷ᠎ᠠᠴᠠ ᠪᠤᠷᠭᠢᠯᠬᠤ ᠵᠢ᠎ᠨᠢ ᠪᠤᠯᠠᠭ᠂ ᠷᠠᠰᠢᠶᠠᠨ ᠭᠡᠵᠦ ᠠᠳᠠᠯᠢ ᠪᠤᠰᠤ᠎ᠪᠠᠷ ᠨᠡᠷᠡᠶ᠋ᠢᠳᠴᠦ ᠢᠷᠡᠭᠰᠡᠨ᠎ᠨᠢ ᠱᠠᠰᠢᠨ ᠰᠢᠲᠦᠯᠭᠡ᠂ ᠶᠣᠰᠣ ᠮᠣᠷᠠᠯ᠎ᠠᠴᠠ ᠡᠭᠦᠰᠦᠯᠲᠡᠢ ᠪᠣᠯᠬᠤ ᠵᠢ ᠵᠠᠪᠠᠯ ᠮᠡᠳᠡᠬᠦ ᠬᠡᠷᠡᠭᠲᠡᠢ ᠶᠤᠮ᠃ ᠮᠣᠩᠭᠤᠯᠴᠤᠳ 《ᠤᠰᠤ ᠤᠤᠭᠤᠬᠤ》 ᠦᠭᠡᠢ ᠪᠢᠰᠢ ᠤᠤᠭᠤᠨ᠎ᠠ᠃ ᠶᠡᠷᠦᠩᠬᠡᠢ᠎ᠳᠡᠭᠡᠨ ᠪᠠᠷᠤᠭ ᠳᠣᠣᠷᠠᠬᠢ ᠬᠤᠶᠠᠷ ᠵᠦᠢ᠍ᠯ᠎ᠤᠨ ᠪᠠᠶ᠋ᠢᠳᠠᠯ ᠳᠣᠣᠷ᠎ᠠ ᠯᠡ ᠤᠤᠭᠤᠳᠠᠭ ᠪᠠᠶ᠋ᠢᠨ᠎ᠠ᠃ ᠮᠠᠰᠢ ᠬᠦᠨᠳᠦ ᠡᠪᠡᠳᠴᠢᠨ᠎ᠲᠠᠢ ᠬᠥᠮᠦᠨ᠎ᠳᠤ ᠪᠤᠴᠠᠯᠤᠭᠰᠠᠨ ᠤᠰᠤ ᠤᠤᠭᠤᠯᠭ᠋ᠠᠵᠤ ᠡᠪᠡᠳᠴᠢᠨ᠎ᠤ ᠬᠠᠯᠠᠭᠤᠨ᠎ᠢ ᠬᠠᠳᠠᠩᠰᠢᠭᠤᠯᠤᠨ᠎ᠠ᠃ ᠮᠥᠨ ᠪᠠᠰᠠ ᠨᠠᠰᠤᠨ ᠡᠴᠦᠰᠯᠡᠬᠦ ᠵᠢᠨ ᠳᠠᠪᠠᠭ᠋ᠠᠨ ᠳᠡᠭᠡᠷ᠎ᠡ ᠬᠤᠭᠤᠯᠠᠢ᠎ᠪᠠᠷ᠎ᠨᠢ ᠬᠤᠭᠤᠯᠠ ᠤᠮᠳᠠ ᠣᠷᠣᠬᠤ ᠦᠭᠡᠢ ᠪᠣᠯ ᠠᠮᠠᠨ᠎ᠳᠤᠨᠢ ᠬᠠᠯᠪᠠᠭ᠎ᠠ᠎ᠪᠠᠷ ᠪᠦᠯᠢᠶᠡᠨ ᠤᠰᠤ ᠥᠭᠳᠡᠭ᠃ ᠡᠶ᠋ᠢᠮᠦ᠎ᠠᠴᠠ ᠡᠷᠲᠡᠨ᠎ᠤ ᠦᠭᠡᠨ᠎ᠳᠤ᠄ 《ᠠᠮᠢ ᠪᠠᠷᠠᠬᠤ ᠦᠶᠡᠰ ᠠᠮᠠᠨ᠎ᠳᠤ ᠤᠰᠤ ᠬᠢᠬᠦ ᠬᠥᠮᠦᠨ᠎ᠲᠠᠢ》 ᠭᠡᠳᠡᠭ᠃ ᠡᠶ᠋ᠢᠮᠦ ᠤᠴᠢᠷ᠎ᠠᠴᠠ ᠡᠷᠲᠡᠨ᠎ᠤ ᠮᠣᠩᠭᠤᠯᠴᠤᠳ ᠤᠰᠤ ᠤᠤᠭᠤ ᠭᠡᠬᠦ ᠵᠢ ᠴᠡᠭᠡᠷᠯᠡᠳᠡᠭ ᠪᠠᠶ᠋ᠢᠵᠠᠢ᠃ ᠯᠠᠮᠠ ᠬᠤᠸᠠᠷᠠᠭ ᠬᠥᠮᠦᠰ᠎ᠲᠤ ᠬᠤᠭᠤᠯᠠ ᠤᠮᠳᠠ ᠢᠳᠡ ᠤᠤᠭᠤ ᠭᠡᠵᠦ ᠰᠢᠭᠤᠳ ᠬᠡᠯᠡᠬᠦ᠎ᠠᠴᠠ ᠴᠡᠭᠡᠷᠯᠡᠨ᠂ ᠮᠠᠩᠵᠠ ᠴᠠᠪ ᠪᠠᠷᠢᠵᠤ ᠬᠠᠶ᠋ᠢᠷᠠᠯᠠ᠂ ᠵᠣᠭᠤᠭ ᠵᠣᠭᠤᠭᠯᠠ ᠭᠡᠬᠦ ᠮᠡᠲᠦ᠎ᠪᠠᠷ ᠬᠦᠨᠳᠦᠳᠬᠡᠯ᠎ᠤᠨ ᠦᠭᠡ᠎ᠪᠠᠷ ᠶᠠᠷᠢᠳᠠᠭ᠃ ᠮᠠᠯ ᠭᠠᠷᠭ᠋ᠠᠬᠤ (ᠨᠢᠲᠤᠯᠬᠤ)᠎ᠳᠠᠭᠠᠨ ᠠᠯᠠᠨ᠎ᠠ ᠭᠡᠵᠦ ᠬᠡᠯᠡᠬᠦ ᠵᠢ ᠡᠷᠡᠰ ᠴᠡᠭᠡᠷᠯᠡᠳᠡᠭ᠃ ᠠᠯᠠᠬᠤ ᠵᠢᠨ ᠥᠭᠡᠷ᠎ᠡ ᠨᠡᠷᠡᠶ᠋ᠢᠳᠦᠯ᠎ᠨᠢ 《ᠭᠠᠷᠭ᠋ᠠᠬᠤ》᠂ 《ᠳᠦᠭᠦᠷᠭᠡᠬᠦ》᠂ 《ᠱᠥᠯᠥ ᠤᠤᠭᠤᠬᠤ》᠂ 《ᠨᠢᠲᠤᠯᠬᠤ》 ᠭᠡᠵᠦ ᠶᠠᠷᠢᠳᠠᠭ᠃ ᠠᠪᠠ ᠵᠢᠨ ᠶᠣᠰᠣᠨ᠎ᠳᠤ ᠪᠣᠯ᠄ 《ᠠᠪᠠᠯᠠᠬᠤ》᠂ 《ᠭᠥᠷᠥᠭᠡᠯᠡᠬᠦ》᠂ 《ᠪᠠᠷᠢᠬᠤ》 ᠭᠡᠬᠦ ᠮᠡᠲᠦ᠎ᠪᠠᠷ ᠶᠠᠷᠢᠳᠠᠭ᠃ ᠵᠡᠭᠦᠨ ᠣᠷᠣᠨ᠎ᠤ ᠣᠯᠠᠩᠬᠢ ᠮᠣᠩᠭᠤᠯᠴᠤᠳ᠄ 《ᠱᠥᠯᠥ ᠤᠤᠭᠤᠬᠤ》᠂ 《ᠮᠠᠯ ᠵᠠᠷᠤᠬᠤ》᠂ 《ᠭᠠᠷᠭ᠋ᠠᠬᠤ》 ᠭᠡᠵᠦ ᠶᠠᠷᠢᠳᠠᠭ᠃ ᠭᠡᠶ᠋ᠢᠴᠢᠨ ᠵᠣᠴᠢᠨ᠎ᠳᠡᠭᠡᠨ ᠰᠢᠭᠤᠳ 《ᠮᠢᠬ᠎ᠠ ᠢᠳᠡ》 ᠭᠡᠵᠦ ᠬᠡᠯᠡᠬᠦ ᠵᠢ ᠴᠡᠭᠡᠷᠯᠡᠳᠡᠭ᠃ ᠬᠠᠷᠢᠨ 《ᠢᠳᠡᠭᠡ ᠵᠣᠭᠤᠭᠯᠠ》᠂ 《ᠱᠥᠯᠥ ᠤᠤᠭᠤ》 ᠭᠡᠵᠦ ᠬᠡᠯᠡᠳᠡᠭ᠃

ᠢᠷᠡᠯᠲᠡ᠄ ᠪᠠᠶᠠᠨ ᠨᠠᠭᠤᠷ᠎ᠤᠨ ᠡᠳᠦᠷ᠎ᠤᠨ ᠰᠤᠨᠢᠨ