ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠤᠷᠠᠳᠴᠤᠳ᠎ᠤᠨ ᠦᠷ᠎ᠡ ᠬᠡᠤᠬᠡᠳ ᠵᠶ᠋ᠠᠨ ᠰᠤᠷᠭ᠋ᠠᠬᠤ ᠶᠣᠰᠤᠨ

ᠨᠡᠶ᠋ᠢᠲᠡᠯᠡᠭᠰᠡᠨ ᠴᠠᠭ᠄   2024-06-21

     ᠬᠡᠤᠬᠡᠳ ᠪᠤᠯ ᠤᠯᠤᠰ ᠦᠨᠳᠦᠰᠦᠲᠡᠨ᠎ᠤ ᠠᠯᠤᠰ ᠢᠷᠡᠭᠡᠳᠦᠢ᠂ ᠬᠦᠮᠦᠨ ᠲᠦᠷᠦᠯᠬᠢᠲᠡᠨ᠎ᠤ ᠬᠦᠭᠵᠢᠵᠤ ᠮᠠᠨᠳᠤᠬᠤ ᠵᠢᠨ ᠦᠨᠳᠦᠰᠦ ᠰᠠᠭᠤᠷᠢ᠂ ᠭᠡᠷ᠎ᠤᠨ ᠬᠤᠸᠠᠷ ᠴᠡᠴᠡᠭ ᠭᠡᠵᠤ ᠬᠦᠮᠦᠰ ᠦᠷᠬᠦᠯᠵᠢ ᠶᠠᠷᠢᠳᠠᠭ᠃ ᠤᠷᠠᠳᠴᠤᠳ 《ᠬᠦᠮᠦᠨ ᠪᠤᠯᠬᠤ᠎ᠳᠤ ᠪᠠᠭ᠎ᠠ᠎ᠠᠴᠠ᠎ᠪᠠᠨ ᠬᠦᠯᠦᠭ ᠪᠤᠯᠬᠤ ᠤᠨᠠᠭ᠋ᠠᠨ᠎ᠠᠴᠠ᠎ᠪᠠᠨ》 ᠭᠡᠰᠡᠨ ᠮᠤᠩᠭᠤᠯ᠎ᠤᠨ ᠰᠠᠶ᠋ᠢᠬᠠᠨ ᠰᠡᠴᠡᠨ ᠮᠡᠷᠭᠡᠨ ᠰᠤᠷᠭ᠋ᠠᠯ ᠦᠭᠡ᠎ᠪᠠᠷ ᠦᠨᠳᠦᠰᠦᠯᠡᠯ ᠪᠤᠯᠭ᠋ᠠᠵᠤ᠂ ᠦᠷ᠎ᠡ ᠬᠤᠶ᠋ᠢᠴᠢᠰ ᠵᠶ᠋ᠠᠨ ᠨᠢᠯᠬ᠎ᠠ ᠪᠠᠭ᠎ᠠ ᠨᠠᠰᠤ᠎ᠠᠴᠠ᠎ᠨᠢ ᠡᠬᠢᠯᠡᠵᠤ ᠶᠤᠰᠤ ᠰᠤᠷᠳᠠᠬᠤᠨ᠂ ᠠᠵᠢᠯ ᠬᠦᠳᠡᠯᠮᠦᠷᠢ᠎ᠳᠤ ᠰᠤᠷᠭ᠋ᠠᠬᠤ᠎ᠪᠠᠨ ᠲᠦᠢ᠍ᠯ ᠵᠶ᠋ᠠᠷ ᠴᠢᠬᠤᠯᠠᠴᠢᠯᠠᠨ ᠠᠳᠬᠤᠳᠠᠭ ᠲᠠᠳᠬᠠᠯ᠎ᠲᠠᠢ᠃ ᠲᠡᠲᠡ ᠬᠡᠤᠬᠡᠳ ᠪᠠᠭ᠋ᠠᠴᠤᠳ᠎ᠢ ᠰᠤᠷᠭ᠋ᠠᠨ ᠬᠦᠮᠦᠵᠢᠬᠦᠯᠬᠦ᠎ᠪᠠᠨ ᠨᠡᠶ᠋ᠢᠭᠡᠮ᠎ᠤᠨ ᠴᠢᠬᠤᠯᠡ ᠠᠵᠢᠯ ᠪᠤᠯᠭ᠋ᠠᠵᠤ᠂ ᠬᠡᠤᠬᠡᠳ᠎ᠤᠨ ᠲᠦᠷᠦᠭᠰᠡᠨ ᠡᠴᠢᠭᠡ ᠡᠭᠡ ᠡᠪᠦᠭᠡ ᠡᠮᠡᠭᠡ᠎ᠠᠴᠠ ᠡᠬᠢᠯᠡᠵᠤ ᠲᠦᠷᠦᠯ ᠰᠠᠳᠤᠨ ᠵᠢᠴᠢ ᠲᠦᠷᠦᠯ ᠰᠠᠳᠤᠨ ᠪᠢᠰᠢ ᠬᠡᠵᠤ ᠢᠯᠭ᠋ᠠᠯ ᠦᠭᠡᠢ ᠪᠦᠬᠦ ᠨᠡᠶ᠋ᠢᠭᠡᠮ ᠵᠶ᠋ᠠᠷ ᠵᠶ᠋ᠠᠨ ᠰᠠᠨᠠᠭ᠎ᠠ ᠲᠠᠯᠪᠢᠨ ᠪᠤᠳᠤᠯᠬᠢᠯᠠᠵᠤ ᠬᠦᠮᠦᠨ ᠪᠦᠬᠦᠨ ᠭᠠᠷ ᠤᠷᠤᠯᠴᠠᠨ ᠲᠤᠩ ᠨᠠᠷᠢᠨ ᠨᠢᠮᠪᠠᠢ ᠴᠢᠬᠤᠯᠠᠴᠢᠯᠠᠨ ᠠᠳᠬᠤᠳᠠᠭ ᠵᠠᠩᠰᠢᠯ᠎ᠲᠠᠢ ᠪᠠᠶ᠋ᠢᠳᠠᠭ᠃
     ᠤᠷᠠᠳᠴᠤᠳ ᠦᠷ᠎ᠡ ᠬᠡᠤᠬᠡᠳ ᠵᠶ᠋ᠠᠨ ᠬᠦᠮᠦᠨ ᠪᠤᠯᠭ᠋ᠠᠬᠤ ᠰᠤᠷᠭ᠋ᠠᠯ᠎ᠢ ᠪᠠᠭ᠎ᠠ᠎ᠠᠴᠠ᠎ᠨᠢ ᠡᠬᠢᠯᠡᠵᠤ ᠭᠠᠷᠳᠠᠨ ᠠᠳᠬᠤᠳᠠᠭ᠃ ᠬᠡᠤᠬᠡᠳ᠎ᠤᠨ ᠰᠡᠷᠡᠯ ᠨᠡᠭᠡᠭᠡᠭᠳᠡᠵᠤ ᠵᠤᠬᠢᠬᠤ ᠵᠦᠢ᠍ᠯᠡᠰ ᠤᠶ᠋ᠢᠯᠠᠭ᠋ᠠᠵᠤ ᠡᠵᠡᠮᠰᠢᠬᠦ ᠵᠢ ᠲᠠᠭ᠋ᠠᠯᠳᠤᠭᠤᠯᠵᠤ᠂ ᠶᠠᠭᠤᠨ᠎ᠤ ᠡᠮᠦᠨ᠎ᠡ 《ᠶᠠᠭᠤ ᠵᠢ ᠵᠦᠪ ᠭᠤᠸ᠎ᠠ ᠰᠠᠶ᠋ᠢᠬᠠᠨ ᠬᠡᠬᠦ᠂ ᠶᠠᠭᠤ ᠵᠢ ᠪᠤᠷᠤᠭᠤ ᠮᠠᠭᠤ ᠮᠠᠭᠤᠬᠠᠢ ᠪᠤᠯᠬᠤ》 ᠭᠡᠳᠡᠭ᠎ᠠᠴᠠ ᠡᠬᠢᠯᠡᠵᠤ ᠰᠤᠷᠭ᠋ᠠᠯ ᠬᠦᠷᠳᠡᠭᠡᠳᠡᠭ᠃ ᠲᠡᠲᠡ ᠡᠨᠡᠬᠦ ᠰᠤᠷᠭ᠋ᠠᠨ ᠬᠦᠮᠦᠵᠢᠯ ᠵᠶ᠋ᠠᠨ ᠬᠡᠤᠬᠡᠳ ᠦᠭᠡ ᠬᠡᠯᠡᠵᠤ ᠡᠬᠢᠯᠡᠬᠦ᠎ᠲᠠᠢ ᠤᠶᠠᠯᠳᠤᠭᠤᠯᠤᠨ ᠤᠷᠳᠤ ᠬᠤᠭᠤᠴᠠᠭ᠎ᠠ ᠬᠠᠯᠠᠰᠢᠷᠠᠯ ᠦᠬᠡᠢ ᠴᠢᠩᠭ᠎ᠠ ᠨᠢᠮᠪᠠᠢ ᠠᠳᠬᠤᠳᠠᠭ ᠵᠠᠩᠰᠢᠯ᠎ᠲᠠᠢ᠃ ᠬᠠᠷᠢᠨ ᠬᠡᠤᠭᠡᠳ ᠭᠦᠢ᠍ᠴᠡᠳ ᠦᠭᠡ ᠬᠡᠯᠡᠵᠤ ᠰᠤᠷᠤᠭ᠋ᠠᠳ ᠰᠡᠷᠡᠯ᠎ᠨᠢ ᠪᠤᠶ᠋ᠢᠵᠢᠵᠤ ᠵᠤᠬᠢᠬᠤ ᠵᠦᠢ᠍ᠯ᠎ᠢ ᠢᠯᠭ᠋ᠠᠨ ᠰᠠᠯᠭ᠋ᠠᠵᠤ ᠴᠢᠳᠠᠬᠤ ᠴᠢᠳᠠᠪᠤᠷᠢᠲᠠᠢ ᠪᠤᠯᠬᠤ ᠵᠢ ᠲᠠᠭ᠋ᠠᠯᠳᠤᠭᠤᠯᠤᠨ ᠤᠶ᠋ᠢᠯᠭ᠋ᠠᠵᠤ ᠡᠵᠡᠮᠰᠢᠬᠦ᠎ᠳᠤ ᠲᠦᠬᠦᠮ ᠬᠢᠯᠪᠠᠷ᠂ ᠬᠡᠤᠬᠡᠳ᠎ᠤᠨ ᠪᠡᠶ᠎ᠡ ᠴᠤᠭᠴᠠᠰ᠎ᠤᠨ ᠪᠤᠳᠠᠳᠠᠢ᠎ᠠᠴᠠ ᠡᠭᠦᠰᠦᠭᠰᠡᠨ ᠤᠬᠤᠷ ᠠᠪᠰᠠᠷᠬᠠᠨ ᠦᠭᠡ ᠦᠭᠦᠯᠡᠪᠤᠷᠢ᠎ᠲᠠᠢ ᠤᠷᠠᠨ ᠬᠤᠯᠪᠤᠭ᠎ᠠ ᠬᠤᠱ᠌ᠤᠩ ᠦᠭᠡ᠂ ᠬᠡᠯᠡ ᠵᠠᠰᠠᠵᠤ ᠴᠡᠪᠡᠷᠰᠢᠬᠦᠯᠦᠨ ᠰᠠᠶ᠋ᠢᠵᠢᠷᠠᠭᠤᠯᠬᠤ ᠦᠭᠡ᠂ ᠤᠨᠢᠰᠤᠭ᠎ᠠ ᠵᠢᠭ᠋ᠠᠨ ᠦᠭᠴᠤ᠂ ᠨᠢᠭᠡ ᠲᠠᠯ᠎ᠠ᠎ᠪᠠᠷ ᠬᠡᠯᠡ ᠬᠡᠯᠡᠯᠭᠡ ᠵᠢ᠎ᠨᠢ ᠴᠡᠪᠡᠷᠰᠢᠬᠦᠯᠵᠤ ᠪᠤᠯᠪᠠᠰᠤᠷᠠᠭᠤᠯᠤᠨ ᠲᠡᠭᠡᠭᠰᠢᠯᠡᠬᠦᠯᠵᠤ᠂ ᠨᠦᠭᠦᠭᠡ ᠲᠠᠯ᠎ᠠ᠎ᠪᠠᠷ ᠴᠡᠭᠡᠵᠢᠯᠡᠵᠤ ᠡᠵᠡᠮᠰᠢᠬᠦ ᠴᠢᠳᠠᠪᠤᠷᠢ ᠵᠢ᠎ᠨᠢ ᠬᠦᠮᠦᠵᠢᠬᠦᠯᠵᠤ ᠤᠶᠤᠨ ᠠᠪᠢᠶᠠᠰ᠎ᠢ᠎ᠨᠢ ᠨᠡᠭᠡᠭᠡᠭᠳᠡᠬᠦᠯᠬᠦ ᠠᠷᠭ᠎ᠠ ᠭᠡᠮᠵᠢᠶ᠎ᠠ ᠠᠪᠳᠠᠭ᠃ ᠡᠨᠡ ᠠᠷᠭ᠎ᠠ᠎ᠨᠢ ᠭᠡᠤᠭᠡᠳ᠎ᠤᠨ ᠬᠡᠯᠡᠵᠤ ᠶᠠᠷᠢᠵᠤ ᠢᠯᠡᠳᠭᠡᠬᠦ ᠴᠢᠳᠠᠪᠤᠷᠢ ᠵᠢ ᠪᠤᠰᠢᠭᠤ ᠲᠦᠷᠭᠡᠨ ᠰᠠᠶ᠋ᠢᠵᠢᠷᠠᠭᠤᠯᠤᠨ ᠲᠡᠭᠡᠭᠰᠢᠯᠡᠬᠦᠯᠵᠤ ᠴᠢᠳᠠᠬᠤ ᠮᠦᠷᠲᠡᠭᠡᠨ ᠤᠶᠤᠨ ᠲᠠᠷᠢᠬᠢ ᠰᠡᠷᠡᠯ᠎ᠢ᠎ᠨᠢ ᠨᠡᠭᠡᠭᠡᠭᠳᠡᠭᠦᠯᠦᠨ ᠬᠦᠭᠵᠢᠬᠦᠯᠬᠦ ᠴᠢᠬᠤᠯᠠ ᠦᠢ᠍ᠯᠡᠳᠦᠯ ᠭᠠᠷᠭ᠋ᠠᠳᠠᠭ᠃ ᠬᠡᠤᠬᠡᠳ ᠬᠡᠳᠦ᠋ᠢ᠍ᠪᠡᠷ ᠦᠭᠡ ᠴᠡᠪᠡᠷ ᠲᠤᠳᠤ ᠪᠦᠷᠢᠨ ᠬᠦᠢ᠍ᠴᠡᠳ ᠬᠡᠯᠡᠵᠤ ᠢᠯᠡᠳᠭᠡᠬᠦ ᠴᠢᠳᠠᠪᠤᠷᠢ᠎ᠲᠠᠢ ᠪᠤᠯᠪᠠᠴᠤ᠂ ᠪᠠᠰᠠ ᠶᠤᠰᠤ ᠤᠴᠢᠷ᠂ ᠵᠦᠪ ᠪᠤᠷᠤᠭᠤ ᠵᠢ ᠲᠤᠳᠤᠷᠬᠠᠢ ᠢᠯᠭ᠋ᠠᠨ ᠰᠠᠯᠭ᠋ᠠᠵᠤ ᠴᠢᠳᠠᠬᠤ ᠦᠭᠡᠢ ᠪᠠᠶ᠋ᠢᠳᠠᠭ᠃ ᠲᠡᠷᠡ᠎ᠨᠢ ᠬᠡᠤᠬᠡᠳ᠎ᠤᠨ ᠦᠰᠦᠯᠲᠡ ᠨᠠᠰᠤᠨ᠎ᠤ ᠵᠠᠶ᠋ᠢᠯᠠᠰᠢ ᠦᠬᠡᠢ ᠵᠢᠮ᠎ᠡ ᠶᠤᠰᠤ ᠶᠤᠮ᠃ ᠡᠨᠡ ᠦᠶᠡᠰ ᠲᠡᠲᠡ ᠬᠡᠤᠭᠡᠳ ᠰᠤᠷᠭ᠋ᠠᠬᠤ ᠠᠷᠭ᠎ᠠ ᠬᠡᠯᠪᠡᠷᠢ᠎ᠪᠠᠨ ᠤᠯᠠᠮ ᠨᠢᠭᠡ ᠠᠯᠬᠤᠮ ᠬᠦᠨᠵᠡᠭᠡᠶ᠋ᠢᠷᠡᠬᠦᠯᠵᠤ᠂ ᠮᠦᠨᠴᠤ ᠬᠡᠤᠬᠡᠳ᠎ᠤᠨ ᠬᠦᠯᠢᠶᠡᠬᠦ ᠴᠢᠳᠠᠪᠤᠷᠢ ᠵᠢ ᠦᠨᠳᠦᠰᠦᠯᠡᠵᠤ ᠤᠨᠢᠰᠤᠭ᠎ᠠ ᠴᠡᠭᠡᠵᠢᠯᠡᠬᠦᠯᠦᠨ ᠲᠠᠭ᠋ᠠᠯᠭ᠋ᠠᠬᠤ᠂ ᠵᠦᠢ᠍ᠷ ᠰᠡᠴᠡᠨ ᠦᠬᠡ ᠵᠢᠭ᠋ᠠᠬᠤ᠂ ᠤᠬᠤᠷ ᠲᠦᠬᠦᠮ ᠢᠷᠦᠭᠡᠯ ᠮᠠᠭᠲᠠᠭ᠋ᠠᠯ᠂ ᠰᠢᠯᠦᠭ ᠵᠢᠭ᠋ᠠᠬᠤ᠂ ᠲᠠᠭᠤᠤ ᠲᠠᠭᠤᠯᠠᠵᠤ ᠰᠤᠷᠭ᠋ᠠᠬᠤ ᠮᠡᠳᠦ ᠬᠦᠮᠦᠵᠢᠯ ᠵᠶ᠋ᠠᠷ ᠲᠠᠮᠵᠢᠨ ᠤᠶᠤᠨ᠎ᠢ᠎ᠨᠢ ᠨᠡᠭᠡᠭᠡᠭᠳᠡᠬᠦᠯᠬᠦ ᠬᠦᠮᠦᠵᠢᠯ᠎ᠢ ᠠᠳᠬᠤᠳᠠᠭ᠃ ᠬᠡᠤᠬᠡᠳ᠎ᠤᠨ ᠪᠡᠶ᠎ᠡ ᠮᠠᠬᠠᠪᠤᠳ ᠦᠰᠦᠨ ᠪᠤᠶ᠋ᠢᠵᠢᠵᠤ ᠤᠶᠤᠨ ᠰᠡᠷᠡᠯ ᠨᠡᠭᠡᠭᠡᠭᠳᠡᠵᠤ ᠬᠦᠭᠵᠢᠬᠦ᠎ᠲᠠᠢ ᠤᠶᠠᠯᠳᠤᠭᠤᠯᠵᠤ᠂ ᠠᠷᠢᠭᠤᠨ ᠴᠡᠪᠡᠷ ᠬᠦᠮᠦᠨ ᠪᠤᠯᠵᠤ ᠬᠦᠮᠦᠵᠢᠭᠳᠡᠬᠦ᠎ᠳᠤ᠎ᠨᠢ ᠠᠯᠤᠰ ᠬᠡᠳᠦ ᠵᠢᠨ ᠠᠴᠢ ᠬᠤᠯᠪᠤᠭᠳᠠᠯ᠎ᠲᠠᠢ ᠤᠳᠬ᠎ᠠ ᠠᠭᠤᠯᠭ᠎ᠠ᠎ᠪᠠᠷ ᠬᠦᠨ ᠰᠢᠭ ᠦᠯᠢᠭᠡᠷ᠂ ᠲᠤᠮᠤᠭ ᠶᠠᠷᠢᠶ᠎ᠠ᠂ ᠰᠢᠯᠦᠭ ᠬᠤᠯᠪᠤᠭ᠎ᠠ᠂ ᠢᠷᠦᠭᠡᠯ ᠮᠠᠭᠲᠠᠭ᠋ᠠᠯ᠂ ᠴᠡᠭᠡᠷ ᠬᠤᠷᠢᠭ᠎ᠠ᠎ᠨᠤᠭᠤᠳ᠎ᠢ ᠵᠢᠭ᠋ᠠᠨ ᠦᠭᠴᠦ ᠴᠡᠭᠡᠵᠢᠯᠡᠵᠤ ᠡᠵᠡᠮᠰᠢᠬᠦ ᠴᠢᠳᠠᠪᠤᠷᠢ ᠵᠢ᠎ᠨᠢ ᠲᠠᠬᠢᠨ ᠲᠠᠪᠲᠠᠨ ᠪᠤᠯᠪᠠᠰᠤᠷᠠᠭᠤᠯᠵᠤ᠂ ᠤᠶᠤᠨ ᠰᠠᠨᠠᠭ᠎ᠠ᠂ ᠶᠤᠰᠤ ᠰᠤᠷᠳᠠᠬᠤᠨ᠎ᠤ ᠬᠦᠮᠦᠵᠢᠯ ᠬᠦᠷᠳᠡᠭᠡᠳᠡᠭ᠃ ᠲᠡᠲᠡ ᠶᠡᠷᠦ᠎ᠠᠴᠠ ᠦᠷ᠎ᠡ ᠬᠡᠤᠬᠡᠳ ᠵᠶ᠋ᠠᠨ ᠰᠤᠷᠴᠤ ᠡᠵᠡᠮᠰᠢᠬᠦ ᠦᠭᠡᠳᠡ ᠵᠢᠯᠤᠭᠤᠳᠤᠨ ᠬᠦᠳᠦᠯᠵᠤ ᠬᠦᠮᠦᠨ ᠪᠤᠯᠬᠤ ᠬᠦᠮᠦᠵᠢᠯ᠎ᠢ ᠤᠷᠳᠤ ᠬᠤᠭᠤᠴᠠᠭ᠎ᠠ᠎ᠪᠠᠷ ᠲᠠᠭ᠋ᠠᠭ᠋ᠠᠮᠠᠭ᠋ᠠᠢ ᠠᠳᠬᠤᠳᠠᠭ ᠵᠠᠩᠰᠢᠯ᠎ᠲᠠᠢ᠃
     ᠤᠷᠠᠳᠴᠤᠳ ᠦᠷ᠎ᠡ ᠬᠡᠤᠬᠡᠳ᠎ᠤᠨ ᠰᠤᠷᠭ᠋ᠠᠨ ᠬᠦᠮᠦᠵᠢᠯ ᠵᠶ᠋ᠠᠨ ᠶᠡᠷᠦ᠎ᠠᠴᠠ ᠡᠳᠦᠷ ᠲᠤᠳᠤᠮ᠎ᠤᠨ ᠠᠮᠢᠳᠤᠷᠠᠯ᠎ᠲᠠᠢ᠎ᠨᠢ ᠤᠷᠭ᠋ᠠᠨᠢᠭ ᠨᠢᠭᠲᠠ ᠤᠶᠠᠯᠳᠤᠭᠤᠯᠤᠨ ᠬᠤᠯᠪᠤᠭᠳᠠᠭᠤᠯᠵᠤ ᠢᠳᠡᠵᠤ ᠤᠤᠭᠤᠬᠤ᠂ ᠤᠨᠳᠠᠵᠤ ᠨᠠᠭ᠋ᠠᠳᠬᠤ᠎ᠲᠠᠢ ᠤᠶᠠᠯᠳᠤᠭᠤᠯᠤᠨ ᠠᠳᠬᠤᠳᠠᠭ ᠠᠷᠭ᠎ᠠ ᠵᠠᠩᠰᠢᠯ᠎ᠲᠠᠢ᠃ ᠵᠢᠱ᠌ᠢᠶᠡᠯᠡᠪᠡᠯ᠄ 《ᠬᠡᠪᠲᠡᠵᠤ ᠬᠠᠵᠠᠭᠤᠯᠠᠵᠤ ᠪᠠᠶ᠋ᠢᠭ᠋ᠠᠳ ᠢᠳᠡᠭᠡᠨ ᠢᠳᠡᠵᠤ ᠪᠤᠯᠬᠤ ᠦᠭᠡᠢ᠂ ᠵᠠᠪᠠᠯ ᠲᠡᠭᠰᠢ ᠰᠠᠶ᠋ᠢᠬᠠᠨ ᠰᠠᠭᠤᠵᠤ ᠪᠠᠶ᠋ᠢᠭ᠋ᠠᠳ ᠬᠤᠭᠤᠯᠠ ᠪᠤᠳᠠᠭ᠎ᠠ᠎ᠪᠠᠨ ᠢᠳᠡᠬᠦ ᠬᠡᠷᠡᠭᠲᠡᠢ᠃ ᠪᠤᠳᠠᠭ᠎ᠠ ᠬᠤᠭᠤᠯᠠ ᠢᠳᠡᠵᠤ ᠤᠤᠭᠤᠬᠤ ᠦᠶᠡᠰ ᠦᠭᠡ ᠶᠠᠷᠢᠶ᠎ᠠ ᠶᠠᠷᠢᠵᠤ ᠪᠤᠯᠬᠤ ᠦᠭᠡᠢ᠂ ᠨᠠᠮ ᠰᠡᠯᠡᠬᠦᠨ ᠤᠷᠴᠢᠨ ᠲᠤᠭᠤᠷᠢᠨ᠎ᠢ ᠪᠠᠷᠢᠮᠲᠠᠯᠠᠬᠤ ᠬᠡᠷᠡᠭᠲᠡᠢ᠂ ᠡᠷᠲᠡ ᠪᠤᠰᠴᠤ ᠡᠷᠲᠡ ᠤᠨᠳᠠᠬᠤ᠂ ᠨᠠᠭ᠋ᠠᠳᠴᠤ ᠲᠤᠭᠯᠠᠬᠤ᠎ᠳᠤ᠎ᠪᠠᠨ ᠬᠠᠷᠢᠯᠴᠠᠨ ᠬᠦᠨᠳᠤᠳᠭᠡᠵᠤ ᠨᠠᠶ᠋ᠢᠷ ᠲᠠᠯᠪᠢᠵᠤ ᠬᠡᠷᠡᠭᠦᠯ ᠴᠤᠤᠬᠢᠶᠠᠨ ᠭᠠᠷᠭ᠋ᠠᠵᠤ ᠪᠤᠯᠬᠤ ᠦᠬᠡᠢ》 ᠭᠡᠬᠦ ᠮᠡᠳᠦᠴᠢᠯᠡᠨ ᠠᠷᠪᠢᠨ ᠪᠤᠳᠠᠳᠠᠢ᠎ᠠᠴᠠ ᠡᠭᠦᠰᠦᠭᠰᠡᠨ ᠬᠦᠮᠦᠵᠢᠯ ᠰᠤᠷᠭ᠋ᠠᠳᠠᠭ ᠪᠤᠯᠪᠠᠰᠤᠨ ᠰᠠᠶ᠋ᠢᠬᠠᠨ ᠵᠠᠩ ᠵᠠᠩᠰᠢᠯ᠎ᠲᠠᠢ ᠪᠠᠶ᠋ᠢᠳᠠᠭ᠃ ᠲᠡᠳᠡᠭᠡᠷ᠎ᠨᠢ ᠤᠷᠠᠳᠴᠤᠳ᠎ᠤᠨ ᠦᠷ᠎ᠡ ᠬᠡᠤᠬᠡᠳ ᠵᠶ᠋ᠠᠨ ᠬᠦᠮᠦᠨ ᠪᠤᠯᠭ᠋ᠠᠬᠤ ᠬᠦᠮᠦᠵᠢᠯ ᠬᠦᠷᠲᠡᠭᠡᠬᠦ ᠠᠷᠭ᠎ᠠ ᠪᠤᠯᠤᠨ ᠬᠡᠪᠰᠢᠵᠤ ᠤᠷᠳᠤ ᠬᠤᠭᠤᠴᠠᠭ᠎ᠠ᠎ᠪᠠᠷ ᠨᠡᠶ᠋ᠢᠳᠡᠮ ᠬᠠᠳᠠᠭ᠋ᠠᠯᠠᠭᠳᠠᠵᠤ ᠢᠷᠡᠭᠰᠡᠨ ᠪᠢᠯᠡ᠃ ᠦᠷ᠎ᠡ ᠬᠡᠤᠬᠡᠳ ᠵᠶ᠋ᠠᠨ ᠪᠠᠭ᠎ᠠ᠎ᠠᠴᠠ ᠡᠬᠢᠯᠡᠵᠤ ᠠᠵᠢᠯ ᠬᠦᠳᠡᠯᠮᠦᠷᠢ᠎ᠳᠤ ᠤᠷᠤᠯᠴᠠᠭᠤᠯᠵᠤ᠂ ᠲᠡᠬᠦᠨ᠎ᠢ ᠰᠤᠷᠬᠤ ᠪᠠ ᠬᠠᠶ᠋ᠢᠷᠠᠯᠠᠬᠤ ᠵᠠᠩᠰᠢᠯ᠎ᠲᠠᠢ ᠪᠤᠯᠭ᠋ᠠᠨ ᠰᠤᠷᠭ᠋ᠠᠳᠠᠭ᠃ ᠤᠷᠠᠳᠴᠤᠳ ᠬᠡᠤᠬᠡᠳ ᠵᠶ᠋ᠠᠨ ᠡᠬᠢᠯᠡᠵᠤ ᠬᠤᠪᠴᠠᠰᠤ ᠬᠤᠨᠠᠷ ᠵᠶ᠋ᠠᠨ ᠪᠠᠭᠯᠠᠵᠤ ᠡᠪᠬᠡᠨ ᠲᠢᠭᠯᠡᠵᠤ ᠬᠤᠷᠢᠶᠠᠨ ᠲᠠᠯᠪᠢᠬᠤ᠎ᠠᠴᠠ ᠭᠠᠷᠳᠠᠵᠤ᠂ ᠬᠦᠳᠡᠯᠮᠦᠷᠢ ᠰᠤᠷᠭ᠋ᠠᠳᠠᠭ᠃ ᠪᠡᠶ᠎ᠡ ᠦᠰᠴᠤ ᠵᠤᠬᠢᠬᠤ ᠬᠦᠴᠤ ᠲᠠᠮᠢᠷ᠂ ᠴᠢᠳᠠᠪᠤᠷᠢᠲᠠᠢ ᠪᠤᠯᠪᠠᠯ ᠬᠤᠭ ᠦᠨᠡᠰᠦ᠎ᠪᠠᠨ ᠠᠰᠬᠠᠵᠤ ᠬᠠᠶᠠᠬᠤ᠂ ᠭᠠᠳᠠᠨ᠎ᠠ᠎ᠠᠴᠠ ᠠᠷᠭ᠋ᠠᠯ ᠲᠦᠯᠡᠰᠢ ᠭᠡᠷ᠎ᠲᠤ ᠵᠦᠭᠡᠭᠡᠵᠤ ᠤᠷᠤᠭᠤᠯᠬᠤ᠂ ᠬᠦᠰᠡᠷ ᠱᠦᠬᠦᠷᠳᠡᠬᠦ᠂ ᠠᠪᠲᠠᠷ᠎ᠠ ᠰᠠᠪᠠ ᠠᠷᠴᠢᠵᠤ ᠵᠦᠯᠬᠦᠬᠦ᠂ ᠭᠠᠯ ᠲᠦᠯᠡᠵᠤ ᠤᠰᠤ ᠴᠠᠢ ᠪᠤᠴᠠᠯᠭ᠋ᠠᠬᠤ᠂ ᠲᠤᠭᠤᠭ᠎ᠠ ᠰᠢᠨᠠᠭ᠎ᠠ ᠠᠶᠠᠭ᠎ᠠ ᠰᠢᠨᠠᠭ᠎ᠠ ᠤᠬᠢᠶᠠᠵᠤ ᠠᠷᠴᠢᠬᠤ᠂ ᠵᠡᠬᠦᠦ ᠤᠲᠠᠰᠤ ᠰᠦᠪᠡᠯᠡᠬᠦ᠂ ᠪᠡᠯᠴᠢᠵᠤ ᠢᠳᠡᠰᠢᠯᠡᠭᠰᠡᠨ ᠬᠤᠨᠢ ᠢᠮᠠᠭ᠎ᠠ᠎ᠪᠠᠨ ᠪᠤᠴᠠᠭ᠋ᠠᠵᠤ ᠠᠪᠴᠢᠷᠠᠬᠤ᠂ ᠬᠦᠭᠰᠢᠳ ᠨᠠᠰᠤᠲᠠᠶ᠋ᠢᠴᠤᠳ ᠵᠶ᠋ᠠᠨ᠎ᠲᠠᠭᠠᠨ ᠬᠠᠮᠵᠢᠵᠤ ᠬᠤᠷᠠᠭ᠎ᠠ ᠢᠰᠢᠭᠡ ᠬᠠᠷᠢᠭᠤᠯᠬᠤ᠂ ᠦᠳᠡᠰᠢ ᠤᠷᠤᠢ ᠮᠠᠯ ᠬᠠᠷᠢᠭᠤᠯᠬᠤ᠂ ᠲᠦᠯ ᠬᠦᠬᠦᠬᠦᠯᠵᠤ ᠢᠯᠭ᠋ᠠᠬᠤ᠂ ᠬᠤᠨᠢ ᠢᠮᠠᠭ᠎ᠠ ᠲᠠᠰᠢᠵᠤ ᠰᠠᠭ᠋ᠠᠬᠤ᠂ ᠴᠢᠳᠦᠷᠯᠡᠵᠤ ᠪᠡᠯᠴᠢᠭᠡᠷᠯᠡᠬᠦᠯᠦᠭᠰᠡᠨ ᠮᠤᠷᠢ᠂ ᠲᠤᠱ᠌ᠠ ᠲᠠᠷᠤᠭᠤᠯᠭ᠎ᠠ᠎ᠲᠠᠢ ᠲᠠᠯᠪᠢᠭᠰᠠᠨ ᠲᠡᠮᠡᠭᠡ᠎ᠪᠠᠨ ᠶᠡᠭᠡ ᠬᠦᠮᠦᠰ᠎ᠲᠠᠢ ᠬᠠᠪᠰᠤᠷᠴᠤ ᠪᠠᠷᠢᠵᠤ ᠠᠪᠴᠢᠷᠠᠬᠤ᠂ ᠶᠡᠭᠡ ᠬᠦᠮᠦᠨ᠎ᠲᠠᠢ ᠬᠠᠮᠳᠤ ᠮᠤᠷᠢ᠂ ᠲᠡᠮᠡᠭᠡ ᠰᠤᠨᠲᠠᠯᠠᠵᠤ ᠤᠨᠤᠵᠤ ᠵᠠᠶ᠋ᠢᠳᠠᠯᠠᠬᠤ ᠵᠢ ᠰᠤᠷᠬᠤ ᠮᠡᠳᠤ ᠮᠠᠯᠵᠢᠬᠤ ᠤᠷᠤᠨ᠎ᠤ ᠡᠳᠦᠷ ᠲᠤᠳᠤᠮ᠎ᠤᠨ ᠦᠨᠢᠲᠡ ᠰᠠᠯᠵᠤ ᠪᠤᠯᠤᠰᠢ ᠦᠬᠡᠢ ᠬᠠᠷ᠎ᠠ ᠪᠤᠷᠤ ᠮᠠᠯ ᠠᠳᠤᠭᠤ᠎ᠲᠠᠢ ᠤᠶ᠋ᠢᠷᠠᠳᠤᠵᠤ ᠬᠠᠪᠢᠳᠠᠬᠤ ᠠᠵᠢᠯ᠎ᠤᠳ᠎ᠢ ᠡᠮᠬᠢ ᠲᠠᠷᠠᠭ᠎ᠠ᠎ᠲᠠᠢ ᠨᠢᠭᠡᠳ ᠨᠢᠭᠡ᠎ᠪᠠᠷ ᠬᠢᠯᠬᠡᠵᠤ ᠰᠤᠷᠭ᠋ᠠᠳᠠᠭ᠃ ᠲᠡᠷᠡ᠎ᠨᠢ ᠬᠡᠤᠬᠡᠳ ᠮᠠᠯ᠎ᠲᠠᠢ ᠢᠵᠢᠯᠢᠰᠢᠨ ᠲᠠᠳᠬᠤ᠂ ᠮᠠᠯ᠎ᠤᠨ ᠡᠪ ᠵᠦᠢ ᠵᠢ ᠤᠯᠵᠤ ᠡᠵᠡᠮᠰᠢᠬᠦ᠎ᠳᠤ ᠶᠡᠭᠡᠭᠡᠨ ᠠᠰᠢᠭ᠎ᠲᠠᠢ ᠪᠠᠶ᠋ᠢᠵᠤ᠂ ᠠᠩᠬ᠎ᠠ ᠠᠯᠬᠤᠮ᠎ᠤᠨ ᠮᠠᠯᠵᠢᠯ᠎ᠤᠨ ᠰᠠᠭᠤᠷᠢ ᠮᠡᠳᠡᠯᠭᠡ ᠤᠯᠵᠤ ᠡᠵᠡᠮᠰᠢᠬᠦ᠎ᠳᠤ᠎ᠨᠢ ᠲᠤᠰᠠ ᠪᠤᠯᠳᠠᠭ ᠶᠤᠮ᠃
     ᠤᠷᠠᠳᠴᠤᠳ ᠦᠷ᠎ᠡ ᠬᠡᠤᠬᠡᠳ ᠵᠶ᠋ᠠᠨ ᠬᠦᠦ᠂ ᠬᠡᠤᠬᠡᠨ ᠬᠡᠵᠤ ᠢᠯᠭ᠋ᠠᠬᠤ ᠦᠬᠡᠢ᠎ᠪᠠᠷ ᠲᠤᠯᠤᠭ᠋ᠠᠨ ᠨᠠᠰᠤᠨ᠎ᠠᠴᠠ ᠡᠬᠢᠯᠡᠵᠤ ᠠᠷᠪᠠᠨ ᠭᠤᠷᠪᠠ ᠲᠦᠷᠪᠡ ᠬᠦᠷᠲᠡᠯᠡᠬᠢ ᠦᠶ᠎ᠡ᠎ᠳᠤ ᠲᠡᠮᠡᠭᠡ᠂ ᠮᠤᠷᠢ ᠵᠠᠶ᠋ᠢᠳᠠᠯᠠᠭᠤᠯᠵᠤ ᠤᠨᠤᠭᠤᠯᠳᠠᠭ ᠵᠠᠩᠰᠢᠯ᠎ᠲᠠᠢ᠃ ᠤᠷᠠᠳᠴᠤᠳ ᠬᠡᠤᠬᠡᠨᠴᠤᠳ ᠵᠶ᠋ᠠᠨ ᠨᠠᠢ᠍ᠮᠠ ᠶᠢᠰᠤᠨ ᠨᠠᠰᠤᠨ᠎ᠠᠴᠠ ᠡᠬᠢᠯᠡᠵᠤ ᠦᠢ᠍ᠯᠡ ᠤᠶᠤᠳᠠᠯ᠎ᠲᠠᠢ ᠤᠷᠤᠯᠳᠤᠭᠤᠯᠤᠨ ᠲᠡᠪᠡᠯ ᠬᠤᠪᠴᠠᠰᠤᠨ᠎ᠤ ᠬᠠᠭᠵᠠᠷᠬᠠᠢ ᠴᠤᠭᠤᠷᠬᠠᠢ ᠲᠤᠪᠬᠢᠭᠤᠯᠤᠨ ᠨᠦᠬᠦᠬᠦᠯᠵᠤ ᠲᠤᠪᠴᠢ ᠰᠢᠯᠪᠢ ᠬᠠᠳᠠᠭᠤᠯᠵᠤ ᠤᠶᠤᠳᠠᠯ ᠰᠤᠷᠭ᠋ᠠᠳᠠᠭ᠃ ᠮᠦᠨᠴᠤ ᠬᠡᠤᠬᠡᠨᠴᠤᠳ ᠵᠶ᠋ᠠᠷ ᠵᠶ᠋ᠠᠨ ᠬᠤᠨᠢ ᠢᠮᠠᠭ᠎ᠠ ᠬᠤᠯᠪᠤᠵᠤ ᠰᠠᠭ᠋ᠠᠬᠤ᠂ ᠦᠨᠢᠶ᠎ᠡ ᠢᠩᠭᠡ ᠰᠠᠭ᠋ᠠᠬᠤ᠂ ᠰᠦ ᠴᠠᠭ᠋ᠠᠨ ᠢᠳᠡᠭᠡ ᠡᠳ᠋ᠰᠢᠬᠦᠯᠬᠦ ᠮᠡᠷᠭᠡᠵᠢᠯ᠎ᠢ ᠲᠦᠬᠦᠮ᠎ᠠᠴᠠ ᠪᠤᠳᠤᠯᠢᠶᠠᠨᠲᠠᠢ ᠵᠦᠭ᠂ ᠪᠠᠭ᠎ᠠ᠎ᠠᠴᠠ ᠶᠡᠭᠡ ᠦᠭᠡᠳᠡ ᠡᠮᠬᠢ ᠵᠢᠷᠤᠮ ᠠᠯᠬᠤᠮ ᠲᠠᠷᠠᠭ᠎ᠠ᠎ᠲᠠᠢ ᠵᠢᠭ᠋ᠠᠨ ᠰᠤᠷᠭ᠋ᠠᠳᠠᠭ᠃ ᠬᠦᠦᠴᠤᠳ ᠵᠶ᠋ᠠᠨ ᠲᠡᠲᠡ ᠠᠷᠪᠠᠭ᠋ᠠᠳ ᠨᠠᠰᠤᠨ᠎ᠠᠴᠠ᠎ᠨᠢ ᠡᠬᠢᠯᠡᠵᠤ ᠡᠮᠨᠢᠭ᠂ ᠲᠤᠭᠰᠢᠨ ᠲᠠᠭ᠎ᠠ᠂ ᠪᠢᠷᠠᠭᠤ᠎ᠲᠠᠢ ᠤᠷᠤᠯᠳᠤᠭᠤᠯᠵᠤ ᠡᠮᠨᠢᠭ ᠲᠠᠭ᠎ᠠ ᠤᠨᠤᠵᠤ ᠰᠤᠷᠭ᠋ᠠᠬᠤ᠎ᠪᠠᠷ ᠲᠠᠮᠵᠢᠵᠤ ᠡᠮᠨᠢᠭ ᠲᠤᠭᠰᠢᠨ ᠮᠤᠷᠢ᠂ ᠲᠡᠮᠡᠭᠡ ᠤᠨᠤᠵᠤ ᠰᠤᠷᠬᠤ ᠮᠡᠷᠭᠡᠵᠢᠯ ᠡᠵᠡᠮᠰᠢᠬᠦᠯᠳᠡᠭ᠃ ᠲᠡᠲᠡ ᠬᠦᠦᠴᠤᠳ᠎ᠪᠠᠨ ᠪᠠᠰᠠ ᠨᠤᠭᠳᠤ ᠬᠠᠵᠠᠭ᠋ᠠᠷ᠂ ᠴᠢᠳᠦᠷ ᠲᠤᠱ᠌ᠠ ᠰᠡᠯᠪᠢᠵᠤ ᠵᠠᠰᠠᠬᠤ᠎ᠠᠴᠠ ᠭᠠᠷᠳᠠᠵᠤ ᠵᠠᠩᠭᠢᠳᠤᠨ ᠮᠤᠰᠬᠢᠵᠤ ᠮᠡᠷᠭᠡᠵᠢᠯ ᠰᠤᠷᠭ᠋ᠠᠳᠠᠭ᠃ ᠬᠢᠯᠭ᠋ᠠᠰᠤ ᠨᠤᠤᠰᠤ᠎ᠪᠠᠨ ᠡᠷᠴᠢᠯᠡᠨ ᠲᠡᠭᠡᠰᠦ ᠲᠠᠮᠤᠵᠤ ᠤᠶᠤᠬᠤ ᠮᠡᠷᠭᠡᠵᠢᠯ ᠰᠤᠷᠭ᠋ᠠᠳᠠᠭ᠃ ᠲᠡᠮᠡᠭᠡᠨ ᠵᠤᠭᠳᠤᠷ ᠵᠶ᠋ᠠᠷ ᠤᠳᠠᠰᠤ ᠡᠭᠡᠷᠡᠵᠤ ᠡᠷᠴᠢᠯᠡᠨ ᠢᠰᠡᠭᠡᠢ ᠰᠢᠷᠳᠡᠭ ᠭᠡᠷ᠎ᠤᠨ ᠡᠯᠪᠡᠰᠢ ᠲᠤᠭᠤᠷᠭ᠎ᠠ ᠰᠢᠷᠢᠵᠤ ᠤᠶᠤᠬᠤ ᠤᠷ᠎ᠠ ᠮᠡᠷᠭᠡᠰᠢᠯ᠎ᠢ ᠵᠢᠭ᠋ᠠᠨ ᠰᠤᠷᠭ᠋ᠠᠳᠠᠭ᠃ ᠤᠷᠠᠳᠴᠤᠳ᠎ᠤᠨ ᠬᠦᠦ ᠠᠷᠪᠠᠨ ᠲᠠᠪᠤ ᠵᠢᠷᠭᠤᠭ᠋ᠠᠨ ᠨᠠᠰᠤ ᠬᠦᠷᠪᠡᠯ ᠲᠠᠷᠤᠢ ᠮᠠᠯᠵᠢᠬᠤ ᠤᠷᠤᠨ᠎ᠤ ᠪᠤᠳᠠ ᠪᠤᠭ ᠮᠠᠯ᠎ᠢ ᠪᠦᠷ ᠪᠡᠶ᠎ᠡ᠎ᠪᠠᠨ ᠲᠠᠭ᠋ᠠᠭ᠋ᠠᠵᠤ ᠠᠷᠠᠴᠢᠯᠠᠨ ᠲᠤᠳᠤᠮᠳᠠᠵᠤ᠂ ᠮᠠᠯᠵᠢᠬᠤ᠎ᠠᠴᠠ ᠡᠬᠢᠯᠡᠨ ᠬᠤᠨᠢ ᠬᠠᠶ᠋ᠢᠴᠢᠯᠠᠬᠤ᠂ ᠢᠮᠠᠭ᠎ᠠ ᠰᠤᠷᠯᠠᠵᠤ ᠰᠠᠮᠨᠠᠬᠤ᠂ ᠠᠳᠤᠭᠤ ᠲᠠᠯᠯᠠᠵᠤ᠂ ᠲᠡᠮᠡᠭᠡ ᠨᠤᠤᠰᠤᠯᠠᠬᠤ᠂ ᠡᠮᠨᠢᠭ ᠲᠤᠭᠰᠢᠨ ᠮᠤᠷᠢ ᠰᠤᠷᠭ᠋ᠠᠬᠤ᠂ ᠮᠤᠷᠢ ᠤᠷᠭ᠋ᠠᠯᠠᠵᠤ ᠨᠤᠭᠳᠤ ᠲᠠᠯᠪᠢᠬᠤ᠂ ᠬᠤᠨᠢᠨ ᠨᠤᠤᠰᠤ᠎ᠪᠠᠨ ᠰᠠᠪᠠᠵᠤ ᠨᠤᠮᠤᠳᠠᠨ ᠡᠳ᠋ᠰᠢᠬᠦᠯᠦᠭᠡᠳ ᠢᠰᠡᠭᠡᠢ ᠬᠢᠬᠦ᠂ ᠨᠤᠭᠳᠤ ᠴᠢᠳᠦᠷ ᠵᠠᠩᠭᠢᠳᠴᠤ ᠮᠤᠰᠬᠢᠬᠤ᠂ ᠮᠤᠩᠭᠤᠯ ᠭᠡᠷ ᠵᠶ᠋ᠠᠨ ᠪᠤᠰᠬᠠᠵᠤ ᠪᠠᠷᠢᠬᠤ᠂ ᠠᠶᠠᠨ ᠵᠢᠩ ᠬᠦᠭᠡᠭᠡᠵᠤ ᠠᠴᠢᠶ᠎ᠠ ᠲᠡᠭᠡᠭᠡᠪᠦᠷᠢ᠎ᠳᠤ ᠶᠠᠪᠤᠬᠤ᠂ ᠮᠠᠯ ᠨᠢᠳᠤᠯᠵᠤ ᠲᠦᠯ ᠴᠠᠭ᠋ᠠᠯᠠᠬᠤ ᠮᠡᠳᠦ ᠮᠠᠯᠵᠢᠬᠤ ᠤᠷᠤᠨ᠎ᠤ ᠡᠳᠦᠷ ᠲᠤᠳᠤᠮ᠎ᠤᠨ ᠦᠨᠢᠲᠡ ᠵᠠᠶ᠋ᠢᠯᠠᠭᠤᠯᠵᠤ ᠪᠤᠯᠤᠰᠢ ᠦᠬᠡᠢ ᠠᠯᠢᠪᠠ ᠠᠵᠢᠯ ᠬᠦᠳᠡᠯᠮᠦᠷᠢ᠎ᠳᠤ ᠤᠷᠤᠯᠴᠠᠳᠠᠭ ᠪᠤᠯᠬᠤᠷ ᠦᠨᠳᠦᠰᠦᠨ᠎ᠳᠤ᠎ᠪᠠᠨ ᠴᠠᠭ᠋ᠠᠷᠠᠵᠤ ᠲᠠᠳᠤᠭᠰᠠᠨ ᠭᠠᠪᠰᠢᠭ᠋ᠠᠢ ᠭᠠᠷ ᠪᠤᠯᠤᠭᠰᠠᠨ ᠪᠠᠶ᠋ᠢᠳᠠᠭ᠃ ᠬᠡᠤᠬᠡᠨᠴᠤᠳ᠎ᠨᠢ ᠮᠦᠨᠴᠤ ᠮᠠᠯ ᠬᠠᠷᠢᠭᠤᠯᠵᠤ ᠠᠷᠠᠴᠢᠯᠠᠨ ᠲᠤᠳᠤᠮᠳᠠᠬᠤ᠂ ᠲᠦᠯ ᠲᠤᠰᠴᠤ ᠲᠡᠵᠢᠭᠡᠨ ᠪᠤᠶ᠋ᠢᠵᠢᠭᠤᠯᠬᠤ᠎ᠠᠴᠠ ᠡᠬᠢᠯᠡᠵᠤ᠂ ᠬᠤᠨᠢ ᠬᠠᠶ᠋ᠢᠴᠢᠯᠠᠵᠤ ᠢᠮᠠᠭ᠎ᠠ ᠰᠠᠮᠨᠠᠬᠤ᠂ ᠰᠦ ᠴᠠᠭ᠋ᠠᠨ ᠢᠳᠡᠭᠡ ᠡᠳ᠋ᠰᠢᠬᠦᠯᠦᠨ ᠪᠤᠯᠪᠠᠰᠤᠷᠠᠭᠤᠯᠬᠤ᠂ ᠦᠢ᠍ᠯᠡ ᠤᠶᠤᠳᠠᠯ ᠤᠶᠤᠬᠤ᠂ ᠬᠤᠸᠠᠷ ᠬᠠᠳᠬᠤᠮᠠᠯ ᠬᠠᠳᠬᠤᠵᠤ ᠤᠷᠠᠯᠠᠬᠤ᠂ ᠪᠤᠳᠠᠭ᠎ᠠ ᠴᠠᠢ ᠲᠦᠬᠦᠭᠡᠷᠡᠨ ᠪᠡᠯᠡᠳᠭᠡᠬᠦ᠂ ᠭᠡᠶ᠋ᠢᠴᠢᠨ ᠵᠤᠴᠢᠨ ᠤᠭᠳᠤᠨ ᠦᠳᠡᠵᠤ ᠲᠠᠶ᠋ᠢᠯᠠᠬᠤ᠂ ᠭᠡᠷ᠎ᠤᠨ ᠠᠵᠢᠯ ᠵᠶ᠋ᠠᠨ ᠵᠤᠬᠢᠴᠠᠭᠤᠯᠤᠨ ᠲᠤᠬᠢᠷᠠᠭᠤᠯᠬᠤ᠂ ᠨᠠᠰᠤᠲᠠᠶ᠋ᠢᠴᠤᠳ ᠵᠶ᠋ᠠᠨ ᠠᠰᠠᠷᠠᠵᠤ ᠨᠢᠯᠬᠠᠰ ᠵᠶ᠋ᠠᠨ ᠬᠠᠷᠠᠭ᠋ᠠᠯᠵᠠᠬᠤ ᠮᠡᠳᠦ ᠠᠵᠢᠯ ᠦᠢ᠍ᠯᠡᠰ᠎ᠢ ᠬᠡᠨ᠎ᠠᠴᠠ ᠬᠤᠴᠤᠷᠤᠯ ᠦᠬᠡᠢ ᠰᠠᠶ᠋ᠢᠬᠠᠨ ᠬᠢᠵᠤ ᠰᠤᠷᠴᠢᠬᠠᠭᠰᠠᠨ ᠪᠠᠶ᠋ᠢᠳᠠᠭ᠃ ᠡᠮᠡᠭᠲᠠᠶ᠋ᠢᠴᠤᠳ᠎ᠨᠢ ᠬᠠᠷᠢᠨ ᠤᠷᠭ᠎ᠠ ᠠᠳᠬᠤᠵᠤ ᠠᠳᠤᠭᠤ ᠤᠷᠭ᠋ᠠᠯᠠᠳᠠᠭ ᠦᠬᠡᠢ᠂ ᠮᠠᠯ ᠨᠢᠳᠤᠯᠵᠤ ᠲᠦᠯ ᠬᠦᠩᠭᠡᠯᠡᠳᠡᠭ ᠦᠬᠡᠢ ᠵᠠᠩᠰᠢᠯ ᠴᠡᠭᠡᠷ ᠬᠤᠷᠢᠭ᠎ᠠ᠎ᠲᠠᠢ ᠪᠠᠶ᠋ᠢᠳᠠᠭ᠃ ᠤᠷᠠᠳᠴᠤᠳ ᠦᠷ᠎ᠡ ᠬᠡᠤᠬᠡᠳ᠎ᠲᠤ᠎ᠪᠠᠨ ᠠᠵᠢᠯ ᠬᠦᠳᠡᠯᠮᠦᠷᠢ ᠰᠤᠷᠭ᠋ᠠᠬᠤ᠎ᠳᠤ᠎ᠪᠠᠨ ᠬᠡᠤᠬᠡᠳ᠎ᠤᠨ ᠤᠨᠴᠠᠯᠢᠭ᠎ᠠᠴᠠ ᠡᠬᠦᠰᠴᠤ᠂ ᠨᠠᠭ᠋ᠠᠳᠴᠤ ᠬᠦᠳᠡᠯᠮᠦᠷᠢᠯᠡᠬᠦ ᠵᠢ ᠤᠶᠠᠯᠳᠤᠭᠤᠯᠳᠠᠭ᠂ ᠨᠠᠭ᠋ᠠᠳᠤᠮ ᠲᠤᠭᠯᠠᠭ᠋ᠠᠮ ᠵᠶ᠋ᠠᠷ ᠲᠠᠮᠵᠢᠵᠤ ᠬᠦᠳᠡᠯᠮᠦᠷᠢ ᠠᠵᠢᠯ ᠬᠢᠵᠤ ᠰᠤᠷᠭ᠋ᠠᠬᠤ ᠵᠢ ᠪᠠᠷᠢᠮᠳᠠᠯᠠᠳᠠᠭ᠃ ᠬᠡᠤᠬᠡᠳ᠎ᠤᠨ ᠨᠠᠰᠤ ᠪᠠᠭ᠎ᠠ ᠬᠦᠴᠦ ᠲᠠᠮᠢᠷ ᠬᠢᠵᠠᠭ᠋ᠠᠷ᠎ᠲᠠᠢ ᠵᠡᠷᠭᠡ ᠪᠤᠳᠠᠳᠠᠢ᠎ᠠᠴᠠ ᠡᠭᠦᠰᠴᠦ᠂ ᠤᠬᠤᠷ ᠴᠠᠭ ᠬᠦᠳᠡᠯᠮᠦᠷᠢᠯᠡᠬᠦᠯᠬᠦ ᠵᠢ ᠪᠠᠷᠢᠮᠳᠠᠯᠠᠵᠤ᠂ ᠬᠦᠳᠡᠯᠮᠦᠷᠢ ᠠᠵᠢᠯ ᠬᠢᠵᠤ ᠰᠤᠷᠬᠤ ᠡᠪ ᠵᠦᠢ᠂ ᠤᠷ᠎ᠠ ᠮᠡᠷᠭᠡᠰᠢᠯ ᠰᠤᠷᠴᠤ ᠡᠵᠡᠮᠰᠢᠬᠦᠯᠬᠦ ᠵᠢ ᠭᠤᠤᠯ ᠵᠤᠷᠢᠯᠲᠠ ᠪᠤᠯᠭ᠋ᠠᠨ ᠠᠳᠬᠤᠳᠠᠭ᠃ ᠬᠠᠷᠢᠨ ᠬᠡᠤᠬᠡᠳ ᠵᠶ᠋ᠠᠨ ᠬᠢᠷᠢ ᠴᠢᠳᠠᠯ᠎ᠠᠴᠠ᠎ᠨᠢ ᠬᠡᠳᠦᠷᠡᠬᠦᠯᠵᠤ ᠬᠦᠳᠡᠯᠮᠦᠷᠢᠯᠡᠬᠦᠯᠵᠤ᠂ ᠤᠶᠤᠨ ᠤᠬᠠᠭ᠋ᠠᠨ᠂ ᠪᠡᠶ᠎ᠡ ᠮᠠᠬᠠᠪᠤᠳ᠎ᠤᠨ ᠦᠰᠦᠯᠲᠡ ᠪᠤᠶ᠋ᠢᠵᠢᠯᠲᠠ ᠵᠢ ᠨᠦᠯᠦᠭᠡᠯᠡᠬᠦ᠂ ᠬᠦᠳᠡᠯᠮᠦᠷᠢ᠎ᠠᠴᠠ ᠠᠶᠤᠨ ᠬᠠᠯᠠᠰᠢᠷᠠᠵᠤ ᠵᠠᠶ᠋ᠢᠯᠠᠬᠤ ᠵᠠᠩ ᠲᠠᠳᠬᠠᠯ᠎ᠲᠠᠢ ᠪᠤᠯᠬᠤ ᠵᠢ ᠤᠨᠴᠠ ᠠᠩᠬᠠᠷᠤᠨ ᠰᠡᠷᠭᠡᠶ᠋ᠢᠯᠡᠳᠡᠭ ᠶᠤᠮ᠃
     ᠤᠷᠠᠳᠴᠤᠳ ᠦᠷ᠎ᠡ ᠬᠡᠤᠬᠡᠳ ᠵᠶ᠋ᠠᠨ ᠰᠤᠷᠭ᠋ᠠᠬᠤ ᠠᠯᠤᠰ᠎ᠤᠨ ᠠᠶᠠᠨ᠎ᠠ ᠲᠡᠲᠡᠨᠤᠰ᠎ᠤᠨ ᠦᠪᠯᠡᠵᠤ ᠢᠷᠡᠭᠰᠡᠨ ᠮᠠᠰᠢ ᠠᠷᠪᠢᠨ ᠤᠯᠠᠮᠵᠢᠯᠠᠯᠳᠤ ᠵᠠᠩ ᠠᠷᠠᠨᠰᠢᠨ᠂ ᠴᠡᠭᠡᠷ ᠬᠤᠷᠢᠭ᠎ᠠ᠎ᠪᠠᠨ ᠪᠠᠷᠢᠮᠲᠠᠯᠠᠨ ᠰᠠᠬᠢᠵᠤ ᠪᠠᠶ᠋ᠢᠳᠠᠭ᠃ ᠲᠦᠬᠦᠮ ᠬᠡᠳᠦ ᠵᠢ ᠲᠤᠷᠠᠳᠪᠠᠯ᠄ ᠦᠪᠡᠷ᠎ᠤᠨ ᠪᠡᠶ᠎ᠡ᠎ᠠᠴᠠ ᠨᠠᠰᠤ ᠠᠬᠠᠮᠠᠳ ᠬᠦᠮᠦᠨ᠎ᠢ ᠠᠪᠤᠭ᠋ᠠᠶ᠋ᠢᠯᠠᠵᠤ ᠠᠬᠠᠯᠠᠵᠤ ᠲᠠᠭᠤᠳᠠᠬᠤ᠂ ᠲᠠᠨᠢᠬᠤ ᠡᠰᠡᠬᠦ ᠬᠦᠮᠦᠨ᠎ᠲᠠᠢ ᠠᠭᠤᠯᠵᠠᠨ ᠵᠤᠯᠭ᠋ᠠᠪᠠᠯ ᠤᠷᠢᠳ ᠵᠶ᠋ᠠᠷ ᠠᠮᠠ ᠨᠡᠭᠡᠭᠡᠵᠤ ᠠᠮᠤᠷ ᠮᠡᠨᠳᠤ ᠠᠰᠠᠭᠤᠬᠤ᠂ ᠦᠳᠡᠰᠢ ᠤᠷᠤᠢ ᠤᠬᠢᠯᠠᠵᠤ ᠭᠤᠮᠤᠳᠠᠬᠤ ᠦᠬᠡᠢ᠂ ᠠᠬ᠎ᠠ ᠲᠡᠬᠦᠦ ᠠᠨᠳᠠ ᠨᠠᠶ᠋ᠢᠵᠠ ᠬᠤᠭᠤᠷᠤᠨᠳᠤ᠎ᠪᠠᠨ ᠦᠭᠡ ᠪᠤᠯᠢᠶᠠᠯᠳᠤᠬᠤ ᠦᠬᠡᠢ ᠬᠡᠷᠡᠬᠦᠯ ᠵᠤᠳᠤᠭ᠋ᠠᠨ ᠬᠢᠬᠦ ᠦᠬᠡᠢ᠂ ᠠᠬᠠᠮᠠᠳ ᠲᠤᠮᠤᠭ᠋ᠠᠳᠠᠳ ᠵᠢᠴᠢ ᠵᠡᠮᠳᠡᠭ ᠲᠤᠳᠠᠭᠤ ᠬᠦᠮᠦᠨ᠎ᠢ ᠲᠠᠭᠤᠷᠢᠶᠠᠵᠤ ᠡᠯᠡᠭᠯᠡᠬᠦ ᠦᠬᠡᠢ᠂ ᠡᠬᠦᠳᠡ ᠬᠠᠭ᠋ᠠᠯᠭ᠎ᠠ ᠠᠭᠳᠠᠯᠠᠵᠤ ᠵᠤᠭᠰᠤᠬᠤ ᠪᠠ ᠶᠠᠪᠠᠭ᠋ᠠᠨ ᠰᠠᠭᠤᠬᠤ ᠦᠬᠡᠢ᠂ ᠭᠠᠯ ᠤᠰᠤ ᠬᠤᠶᠠᠷ ᠵᠶ᠋ᠠᠷ ᠨᠠᠭ᠋ᠠᠳᠬᠤ ᠦᠬᠡᠢ᠂ ᠬᠦᠮᠦᠨ᠎ᠠᠴᠠ ᠡᠳ᠋ ᠪᠤᠳᠠᠰ ᠠᠪᠴᠤ ᠦᠭᠬᠦ᠎ᠳᠤ᠎ᠪᠠᠨ ᠵᠦᠪ ᠭᠠᠷ ᠵᠶ᠋ᠠᠷ ᠵᠶ᠋ᠠᠨ ᠠᠪᠴᠤ ᠦᠭᠬᠦ᠂ ᠡᠴᠢᠭᠡ ᠡᠬᠡ ᠵᠢᠴᠢ ᠲᠡᠭᠡᠳᠦ ᠦᠶ᠎ᠡ ᠵᠢᠨ᠎ᠬᠢᠨ᠎ᠲᠠᠢ ᠠᠳᠠᠯᠢ ᠨᠡᠷ᠎ᠡ᠎ᠲᠠᠢ ᠬᠦᠮᠦᠨ᠎ᠢ ᠰᠢᠭᠤᠳ ᠨᠡᠷ᠎ᠡ᠎ᠪᠠᠷ᠎ᠨᠢ ᠲᠠᠭᠤᠳᠠᠬᠤ ᠦᠭᠡᠢ᠂ ᠬᠠᠷᠢᠨ 《ᠬᠡᠴᠡᠬᠦᠦ ᠨᠡᠷᠡᠳᠤ》 ᠬᠡᠬᠦ ᠪᠤᠶᠤ ᠡᠷᠬᠢᠯᠡᠭᠰᠡᠨ ᠠᠵᠢᠯ ᠦᠢ᠍ᠯᠡᠰ ᠮᠡᠷᠭᠡᠵᠢᠯ ᠵᠶ᠋ᠠᠷ᠎ᠨᠢ ᠬᠦᠨᠳᠤᠳᠭᠡᠨ ᠠᠪᠤᠭ᠋ᠠᠶ᠋ᠢᠯᠠᠵᠤ ᠠᠬᠠᠯᠠᠵᠤ ᠪᠤᠷᠤᠭᠤᠯᠠᠨ ᠲᠠᠭᠤᠳᠠᠳᠠᠭ ᠰᠠᠶ᠋ᠢᠬᠠᠨ ᠵᠠᠩᠰᠢᠯ ᠲᠠᠳᠬᠠᠯ᠎ᠲᠠᠢ ᠪᠠᠶ᠋ᠢᠳᠠᠭ᠃ ᠢᠷᠡᠵᠤ ᠶᠠᠪᠤᠭ᠎ᠠ ᠭᠡᠶ᠋ᠢᠴᠢᠨ ᠵᠤᠴᠢᠨ᠎ᠤ ᠡᠮᠦᠨ᠎ᠡ ᠬᠤᠶ᠋ᠢᠨ᠎ᠠ᠎ᠠᠴᠠ ᠬᠤᠭ ᠦᠨᠡᠰᠦ᠂ ᠤᠰᠤ ᠴᠢᠳᠬᠤᠵᠤ ᠠᠰᠬᠠᠵᠤ ᠪᠤᠯᠬᠤ ᠦᠭᠡᠢ᠂ ᠬᠤᠭᠤᠰᠤᠨ ᠰᠠᠪᠠ ᠰᠠᠭᠤᠯᠭ᠎ᠠ ᠲᠡᠪᠢᠭᠦᠷ ᠠᠪᠴᠤ ᠭᠠᠷᠬᠤ ᠦᠭᠡᠢ᠂ ᠭᠡᠶ᠋ᠢᠴᠢᠨ ᠤᠭᠳᠤᠵᠤ ᠨᠤᠬᠠᠢ ᠬᠠᠷᠠᠬᠤ᠎ᠳᠤ᠎ᠪᠠᠨ ᠪᠤᠰᠢᠭᠤ ᠱᠠᠯᠠᠮᠠᠭ᠋ᠠᠢ᠂ ᠢᠷᠡᠭᠰᠡᠨ ᠬᠡᠶ᠋ᠢᠴᠢᠨ ᠵᠤᠴᠢᠳ ᠪᠤᠶᠤ ᠠᠬᠠᠮᠠᠳ ᠲᠤᠮᠤᠭ᠋ᠠᠳᠠᠳ᠎ᠲᠤ ᠴᠠᠢ ᠬᠤᠭᠤᠯᠠ ᠠᠶᠠᠭ᠋ᠠᠯᠠᠬᠤ᠂ ᠰᠠᠷᠬᠤᠳ ᠪᠠᠷᠢᠵᠤ ᠬᠡᠮᠨᠡᠬᠦ᠎ᠳᠤ᠎ᠪᠠᠨ ᠲᠤᠪᠴᠢ ᠰᠢᠯᠪᠢ᠎ᠪᠠᠨ ᠪᠦᠷᠢᠨ ᠬᠦᠢ᠍ᠴᠡᠳ ᠲᠤᠪᠴᠢᠯᠠᠵᠤ ᠮᠠᠯᠠᠭ᠋ᠠᠢ ᠡᠮᠦᠰᠴᠤ᠂ ᠵᠦᠪ ᠭᠠᠷ ᠵᠶ᠋ᠠᠷ ᠵᠶ᠋ᠠᠨ ᠲᠦᠪᠯᠡᠩᠭᠦᠢ ᠶᠤᠰᠤᠷᠬᠠᠭ ᠰᠠᠶ᠋ᠢᠬᠠᠨ ᠡᠷᠬᠦᠬᠦ ᠮᠡᠳᠦ ᠠᠯᠢ ᠤᠯᠠᠨ ᠵᠠᠩᠰᠢᠯ ᠵᠢᠷᠤᠮ ᠴᠡᠭᠡᠷ ᠬᠤᠷᠢᠭ᠎ᠠ ᠵᠢ ᠰᠤᠷᠭ᠋ᠠᠨ ᠵᠢᠭ᠋ᠠᠳᠠᠭ᠃ ᠤᠷᠠᠳᠴᠤᠳ ᠶᠡᠷᠦ᠎ᠠᠴᠠ᠎ᠪᠠᠨ ᠦᠷ᠎ᠡ ᠬᠡᠤᠬᠡᠳ ᠵᠶ᠋ᠠᠨ ᠨᠠᠰᠤᠨ᠎ᠳᠤ ᠬᠦᠷᠴᠤ ᠬᠤᠪᠢ ᠲᠤᠰ᠎ᠲᠤ᠎ᠨᠢ ᠡᠬᠦᠲᠡ ᠨᠡᠭᠡᠭᠡᠵᠤ ᠡᠷᠦᠬᠡ ᠰᠡᠬᠦᠲᠡᠯ᠎ᠡ ᠲᠠᠮᠠᠬᠢ ᠲᠠᠲᠠᠵᠤ ᠠᠷᠢᠬᠢ ᠰᠤᠭᠳᠤᠭᠤᠷᠠᠳᠠᠯ᠎ᠠ ᠤᠤᠭᠤᠵᠤ ᠡᠳ᠋ᠯᠡᠬᠦ ᠵᠢ ᠡᠷᠡᠰ ᠬᠢᠵᠠᠭ᠋ᠠᠷᠯᠠᠨ ᠴᠡᠭᠡᠷᠯᠡᠬᠦᠯᠳᠡᠭ᠃ ᠶᠡᠷᠦᠩᠭᠡᠢ᠎ᠳᠤ᠎ᠪᠠᠨ ᠭᠤᠴᠢ ᠬᠦᠷᠲᠡᠯ᠎ᠡ ᠠᠷᠢᠬᠢ ᠲᠠᠮᠠᠬᠢ᠎ᠲᠠᠢ ᠤᠶ᠋ᠢᠷᠠᠳᠤᠨ ᠬᠠᠪᠢᠳᠠᠬᠤ ᠵᠢ ᠴᠠᠭ᠋ᠠᠵᠠᠯᠠᠳᠠᠭ ᠪᠠᠶ᠋ᠢᠭᠰᠠᠨ ᠵᠠᠩᠰᠢᠯ᠎ᠲᠠᠢ ᠪᠢᠯᠡ᠃
     ᠤᠷᠠᠳᠴᠤᠳ᠎ᠤᠨ ᠬᠠᠮᠤᠭ᠎ᠠᠴᠠ ᠪᠢᠰᠢᠷᠡᠬᠦᠰᠢᠲᠠᠢ ᠵᠠᠩ ᠲᠠᠳᠬᠠᠯ ᠪᠤᠯ ᠦᠷ᠎ᠡ ᠬᠡᠤᠬᠡᠳ ᠵᠶ᠋ᠠᠨ ᠰᠤᠷᠭ᠋ᠠᠨ ᠬᠦᠮᠦᠵᠢᠬᠦᠯᠬᠦ᠎ᠪᠠᠨ ᠵᠦᠪᠬᠡᠨ ᠡᠴᠢᠭᠡ ᠡᠬᠡ ᠡᠪᠦᠭᠡ ᠲᠡᠭᠡᠳᠦᠰ ᠭᠡᠷ᠎ᠤᠨ ᠲᠦᠷᠦᠯ ᠰᠠᠳᠤᠨ ᠬᠠᠷᠢᠭᠤᠴᠠᠨ ᠠᠳᠬᠤᠳᠠᠭ ᠪᠢᠰᠢ᠃ ᠬᠠᠷᠢᠨ ᠪᠦᠬᠦ ᠨᠡᠶ᠋ᠢᠭᠡᠮ ᠵᠶ᠋ᠠᠷ ᠵᠶ᠋ᠠᠨ ᠬᠦᠳᠡᠯᠦᠯᠴᠡᠵᠤ ᠬᠡᠤᠬᠡᠳ ᠪᠠᠭ᠋ᠠᠴᠤᠳ᠎ᠤᠨ ᠪᠤᠷᠤᠭᠤ ᠮᠠᠭᠤ ᠠᠵᠢᠯᠯᠠᠭ᠎ᠠ ᠵᠢ ᠬᠡᠯᠡᠵᠤ ᠰᠤᠷᠭ᠋ᠠᠨ ᠬᠦᠮᠦᠵᠢᠬᠦᠯᠳᠡᠭ ᠤᠯᠠᠮᠵᠢᠯᠠᠯᠳᠤ ᠵᠠᠩᠰᠢᠯ᠎ᠲᠠᠢ᠃ ᠲᠡᠷᠡ᠎ᠨᠢ ᠨᠡᠶ᠋ᠢᠭᠡᠮ ᠨᠡᠶ᠋ᠢᠲᠡ ᠵᠢᠨ ᠲᠠᠭ᠋ᠠᠰᠢᠶᠠᠯ ᠪᠢᠰᠢᠷᠡᠯ᠎ᠢ ᠤᠯᠵᠤ᠂ ᠬᠤᠶ᠋ᠢᠴᠢ ᠦᠶ᠎ᠡ ᠵᠢᠨ᠎ᠬᠢᠨ᠎ᠢ ᠬᠦᠮᠦᠵᠢᠬᠦᠯᠦᠨ ᠪᠤᠶ᠋ᠢᠵᠢᠭᠤᠯᠵᠤ ᠬᠦᠮᠦᠨ ᠪᠤᠯᠭ᠋ᠠᠬᠤ᠎ᠳᠤ ᠬᠡᠮᠵᠢᠶᠡᠯᠡᠰᠢ ᠦᠬᠡᠢ ᠦᠢ᠍ᠯᠡᠳᠦᠯ ᠦᠵᠡᠬᠦᠯᠵᠤ ᠪᠠᠶ᠋ᠢᠭᠰᠠᠨ ᠶᠤᠮ᠃ ᠲᠡᠬᠦᠨ᠎ᠢ ᠮᠠᠭᠳᠠᠭᠤᠰᠢᠲᠠᠢ ᠰᠠᠶ᠋ᠢᠨ ᠠᠷᠭ᠎ᠠ ᠬᠡᠵᠤ ᠬᠡᠯᠡᠵᠤ ᠪᠤᠯᠬᠤ ᠶᠤᠮᠰᠠᠨ᠃ ᠤᠷᠠᠳᠴᠤᠳ ᠬᠡᠤᠬᠡᠳ ᠨᠢᠯᠬ᠎ᠠ᠎ᠳᠤ᠎ᠪᠠᠨ ᠶᠤᠰᠤ ᠰᠤᠷᠲᠠᠬᠤᠨ᠂ ᠬᠦᠳᠡᠯᠮᠦᠷᠢ ᠠᠵᠢᠯ ᠰᠤᠷᠭ᠋ᠠᠳᠠᠭ ᠠᠷᠭ᠎ᠠ᠎ᠨᠢ ᠬᠡᠤᠬᠡᠳ᠎ᠤᠨ ᠬᠦᠯᠢᠶᠡᠨ ᠠᠪᠬᠤ ᠬᠢᠷᠢ ᠴᠢᠳᠠᠪᠤᠷᠢ᠎ᠳᠤ ᠵᠤᠬᠢᠴᠠᠭᠰᠠᠨ᠂ ᠦᠰᠦᠯᠲᠡ ᠪᠤᠶ᠋ᠢᠵᠢᠯᠲᠠ᠎ᠳᠤ ᠠᠰᠢᠭ᠎ᠲᠠᠢ᠂ ᠠᠯᠤᠰ ᠬᠡᠳᠦ ᠵᠢᠨ ᠠᠴᠢ ᠬᠤᠯᠪᠤᠭᠳᠠᠯ᠎ᠲᠠᠢ ᠰᠤᠷᠭ᠋ᠠᠨ ᠬᠦᠮᠦᠵᠢᠯ ᠪᠠᠶ᠋ᠢᠳᠠᠭ᠃ ᠮᠦᠨᠴᠤ ᠦᠨᠳᠦᠰᠦᠲᠡᠨ᠎ᠤ ᠵᠠᠩ ᠵᠠᠩᠰᠢᠯ᠂ ᠪᠠᠶ᠋ᠢᠭ᠋ᠠᠯᠢ ᠵᠢᠨ ᠤᠷᠴᠢᠨ ᠠᠬᠤᠢ᠂ ᠮᠠᠯ ᠠᠵᠤ ᠠᠬᠤᠢ ᠵᠢᠨ ᠦᠢ᠍ᠯᠡᠳᠪᠦᠷᠢᠯᠡᠯ᠎ᠲᠠᠢ ᠤᠷᠭ᠋ᠠᠨᠢᠭ ᠤᠶᠠᠯᠳᠤᠭᠤᠯᠤᠭᠰᠠᠨ ᠰᠤᠷᠭ᠋ᠠᠨ ᠬᠦᠮᠦᠵᠢᠯ ᠪᠠᠶ᠋ᠢᠵᠠᠢ᠃ ᠪᠢᠲᠡ ᠦᠷᠬᠦᠯᠵᠢᠯᠡᠨ ᠡᠨᠡᠬᠦ ᠲᠡᠷᠢᠬᠦᠨ᠎ᠤ ᠰᠤᠶᠤᠯ ᠵᠶ᠋ᠠᠨ ᠬᠦᠭᠵᠢᠬᠦᠯᠦᠨ ᠮᠠᠨᠳᠤᠭᠤᠯᠵᠤ᠂ ᠬᠦᠮᠦᠨ᠎ᠤ ᠴᠢᠨᠠᠷ ᠴᠢᠨᠰᠠᠭ᠎ᠠ᠎ᠪᠠᠨ ᠲᠡᠭᠡᠭᠰᠢᠯᠡᠬᠦᠯᠬᠦ ᠲᠡᠭᠡᠷ᠎ᠡ ᠢᠯᠡᠬᠦᠦ ᠰᠢᠭ ᠬᠦᠴᠦ ᠬᠦᠳᠡᠯᠮᠦᠷᠢ ᠵᠠᠷᠤᠴᠠᠭᠤᠯᠵᠤ᠂ ᠬᠤᠶ᠋ᠢᠴᠢ ᠦᠶ᠎ᠡ᠎ᠪᠠᠨ ᠰᠤᠷᠭ᠋ᠠᠨ ᠬᠦᠮᠦᠵᠢᠬᠦᠯᠦᠶ᠎ᠡ᠃


     ᠵᠤᠷᠢᠭᠪᠠᠭ᠋ᠠᠳᠤᠷ᠎ᠤᠨ ᠨᠠᠶ᠋ᠢᠷᠠᠭᠤᠯᠤᠨ ᠵᠤᠬᠢᠶᠠᠭᠰᠠᠨ 《ᠤᠷᠠᠨ ᠲᠠᠷᠬᠠᠨ ᠤᠷᠠᠳ᠎ᠤᠨ ᠵᠠᠩ ᠦᠢ᠍ᠯᠡ》 ᠬᠡᠭᠦ ᠨᠤᠮ᠎ᠠᠴᠠ ᠪᠠᠭᠤᠯᠭ᠋ᠠᠪᠠ


    

ᠢᠷᠡᠯᠲᠡ᠄ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ