ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠤᠷᠠᠳᠴᠤᠳ᠎ᠤᠨ ᠣᠪᠣᠭ ᠤᠭᠰᠠᠭ᠎ᠠ

ᠨᠡᠶ᠋ᠢᠲᠡᠯᠡᠭᠰᠡᠨ ᠴᠠᠭ᠄   2024-06-21

    《ᠤᠭ ᠨᠤᠳᠤᠭ ᠬᠦᠯᠦᠨ ᠪᠣᠶ᠋ᠢᠷ᠂ ᠣᠳᠤᠮ ᠰᠠᠳᠤᠨ ᠪᠣᠷᠬᠠᠢ ᠵᠠᠰᠠᠭ ᠭᠤᠷᠪᠠᠨ ᠭᠦᠩ᠂ ᠲᠦᠪ ᠨᠤᠳᠤᠭ ᠬᠦᠯᠦᠨ ᠪᠣᠶ᠋ᠢᠷ ᠬᠦᠪᠲᠦ ᠨᠠᠢ᠍ᠮᠠᠨᠴᠠᠭ᠋ᠠᠨ᠂ ᠲᠦᠷᠦᠯ ᠤᠭᠰᠠᠭ᠎ᠠ ᠬᠠᠪᠤᠳᠤ ᠬᠠᠰᠠᠷ᠎ᠤᠨ ᠦᠷᠡᠰ》 ᠭᠡᠵᠦ ᠤᠷᠠᠳ ᠬᠤᠷᠢᠮ᠎ᠤᠨ 《ᠡᠭᠦᠳᠡᠨ ᠳᠠᠷᠤᠯᠭ᠎ᠠ》᠎ᠳᠤ ᠡᠶ᠋ᠢᠮᠦᠷᠬᠦ ᠰᠢᠯᠦᠭ ᠬᠠᠮᠤᠭ ᠲᠡᠷᠢᠬᠦᠨ᠎ᠳᠤ ᠢᠯᠡᠷᠡᠳᠡᠭ᠃
     ᠤᠷᠠᠳ᠎ᠤᠨ ᠭᠤᠷᠪᠠᠨ ᠬᠤᠰᠢᠭᠤᠨ᠎ᠤ ᠵᠠᠰᠠᠭ ᠭᠦᠩ ᠨᠤᠶᠠᠳ᠎ᠨᠢ ᠬᠡᠳᠦᠢ᠎ᠪᠠᠷ ᠠᠬ᠎ᠠ ᠳᠡᠭᠦᠦ ᠵᠢᠨ ᠬᠠᠷᠢᠴᠠᠭ᠎ᠠ᠎ᠲᠠᠢ ᠪᠠᠶ᠋ᠢᠭᠰᠠᠨ ᠪᠤᠯᠪᠠᠴᠤ᠂ ᠲᠡᠳᠡ ᠬᠤᠭᠤᠷᠤᠨᠳᠤ ᠎ᠪᠠᠨ ᠪᠦᠷ ᠦᠶᠡᠯᠢᠳ᠂ ᠬᠠᠶᠠᠯᠢᠳ ᠠᠬ᠎ᠠ ᠳᠡᠭᠦᠦ ᠪᠣᠯᠬᠤ ᠶᠤᠮ᠃ ᠤᠷᠠᠳ᠎ᠤᠨ ᠡᠮᠦᠨᠡᠳᠦ ᠭᠦᠩ᠎ᠤᠨ ᠬᠤᠰᠢᠭᠤᠨ᠎ᠤ ᠠᠩᠬ᠎ᠠ ᠲᠦᠷᠦᠭᠦᠦ ᠵᠠᠰᠠᠭ ᠭᠦᠩ ᠨᠤᠶᠠᠨ ᠦᠪᠠᠨ ᠪᠣᠯ ᠪᠣᠷᠬᠠᠢ ᠵᠢᠨ ᠠᠬᠠᠮᠠᠳ ᠬᠦᠪᠡᠬᠦᠨ ᠯᠠᠶ᠋ᠢᠭ᠎ᠠ ᠵᠢᠨ ᠠᠴᠢᠨᠴᠢᠷ ᠪᠦᠭᠡᠳ ᠬᠠᠪᠤᠲᠤ ᠬᠠᠰᠠᠷ᠎ᠤᠨ ᠠᠷᠪᠠ ᠶᠢᠰᠦᠳᠦᠭᠡᠷ ᠦᠶ᠎ᠡ ᠵᠢᠨ ᠦᠷ᠎ᠡ ᠦᠨᠳᠦᠰᠦ᠎ᠨᠢ ᠪᠣᠯᠬᠤ ᠶᠤᠮ᠃ ᠤᠷᠠᠳ᠎ᠤᠨ ᠲᠤᠮᠳᠠᠳᠤ ᠭᠦᠩ᠎ᠤᠨ ᠬᠤᠰᠢᠭᠤᠨ᠎ᠤ ᠠᠩᠬ᠎ᠠ ᠲᠦᠷᠦᠭᠦᠦ ᠵᠠᠰᠠᠭ ᠭᠦᠩ ᠨᠤᠶᠠᠨ ᠭᠦᠩ ᠪᠠᠭᠪᠠᠭ᠍ᠠᠢ ᠪᠣᠯ ᠪᠤᠷᠬᠠᠢ ᠵᠢᠨ ᠲᠠᠪᠤᠳᠤᠭ᠋ᠠᠷ ᠬᠦᠪᠡᠭᠦᠨ ᠪᠠᠷᠰᠢ ᠵᠢᠨ ᠵᠢᠴᠢᠨᠴᠢᠷ ᠪᠦᠭᠡᠳ ᠬᠠᠪᠤᠲᠤ ᠬᠠᠰᠠᠷ᠎ᠤᠨ ᠬᠤᠷᠢᠳᠤᠭ᠋ᠠᠷ ᠦᠶ᠎ᠡ ᠵᠢᠨ ᠦᠷ᠎ᠡ ᠦᠨᠳᠦᠰᠦ᠎ᠨᠢ ᠪᠣᠯᠬᠤ ᠶᠤᠮ᠃ ᠡᠶ᠋ᠢᠮᠦ᠎ᠠᠴᠠ ᠤᠷᠠᠳ ᠠᠶ᠋ᠢᠮᠠᠭ ᠪᠣᠯ ᠬᠠᠪᠤᠲᠤ ᠬᠠᠰᠠᠷ᠎ᠤᠨ ᠠᠷᠪᠠᠨ ᠲᠠᠪᠤᠳᠤᠭ᠋ᠠᠷ ᠦᠶ᠎ᠡ ᠵᠢᠨ ᠠᠴᠢ ᠭᠤᠷᠪᠠᠨ ᠭᠡᠵᠢᠭᠡᠲᠦ ᠪᠤᠷᠬᠠᠢ ᠵᠠᠰᠠᠭ ᠨᠤᠶᠠᠨ᠎ᠤ ᠬᠤᠶ᠋ᠢᠴᠢ ᠦᠶ᠎ᠡ ᠵᠢᠨ ᠣᠪᠤᠭ ᠤᠭᠰᠠᠭ᠎ᠠ ᠪᠣᠯᠬᠤ᠎ᠨᠢ ᠲᠤᠳᠤᠷᠬᠠᠢ ᠪᠠᠶ᠋ᠢᠨ᠎ᠠ᠃
     ᠤᠷᠠᠳ ᠠᠶ᠋ᠢᠮᠠᠭ ᠢᠩᠬᠢᠵᠦ ᠦᠰᠦᠭᠰᠡᠨ ᠪᠤᠳᠤᠭ ᠬᠦᠯᠦᠨ ᠪᠣᠶ᠋ᠢᠷ᠂ ᠤᠤᠭᠤᠭᠰᠠᠨ ᠤᠰᠤ ᠡᠷᠭᠦᠨ᠎ᠡ ᠬᠦᠯᠦᠨ ᠨᠠᠭᠤᠷ᠎ᠠᠴᠠ᠎ᠪᠠᠨ ᠰᠠᠯᠤᠭ᠋ᠠᠳ᠂ ᠤᠷᠲᠤ ᠵᠠᠮ᠎ᠤᠨ ᠬᠠᠳᠠᠭᠤ ᠪᠡᠷᠬᠡ ᠠᠶᠠᠨ᠎ᠢ ᠲᠤᠭᠤᠯᠵᠤ ᠣᠳᠤ ᠨᠢᠭᠡᠨᠲᠡ 360 ᠵᠢᠯ᠎ᠤᠨ ᠨᠢᠭᠤᠷ ᠦᠵᠡᠵᠦ ᠪᠠᠶ᠋ᠢᠨ᠎ᠠ᠃ ᠲᠡᠭᠡᠭᠡᠳ ᠲᠡᠲᠡ 1649 ᠣᠨ᠎ᠤ ᠣᠷᠴᠢᠮ ᠵᠶ᠋ᠠᠷ ᠬᠠᠲᠤᠨ ᠭᠤᠣᠯ᠎ᠤᠨ ᠬᠤᠶ᠋ᠢᠲᠤ ᠬᠦᠪᠡᠭᠡ᠂ ᠮᠤᠨᠠ ᠠᠭᠤᠯᠠ ᠵᠢᠨ ᠠᠷᠤ ᠦᠪᠦᠷ᠎ᠤᠨ ᠦᠩ ᠰᠢᠮᠡᠯᠢᠭ ᠦᠷᠭᠡᠨ ᠠᠭᠤᠳᠠᠮ ᠨᠤᠲᠤᠭ᠎ᠲᠤ ᠬᠦᠷᠴᠦ ᠢᠷᠡᠭᠡᠳ᠂ ᠬᠠᠨ ᠮᠤᠨᠠ ᠵᠢᠨ ᠡᠪᠦᠷ᠎ᠲᠤ ᠪᠦᠪᠠᠶ᠋ᠢᠯᠡᠭᠳᠡᠵᠦ᠂ ᠬᠠᠳᠤᠨ ᠭᠤᠣᠯ᠎ᠤᠨ ᠤᠮᠳᠠ ᠰᠢᠮ᠎ᠡ᠎ᠪᠠᠷ ᠲᠦᠯᠦᠵᠢᠭᠡᠳ᠂ ᠦᠷ᠎ᠡ ᠬᠡᠤᠬᠡᠳ ᠵᠶ᠋ᠠᠨ ᠦᠰᠭᠡᠵᠦ᠂ ᠦᠨᠳᠦᠰᠦ ᠤᠭᠰᠠᠭ᠎ᠠ᠎ᠪᠠᠨ ᠵᠠᠯᠭ᠋ᠠᠮᠵᠢᠯᠠᠵᠤ ᠤᠷᠤᠭ᠎ᠠ ᠪᠣᠰᠬᠠᠭ᠎ᠠ ᠤᠨ ᠰᠠᠷ᠎ᠠ ᠵᠢ ᠡᠯᠡᠭᠡᠵᠦ ᠡᠳᠦᠭᠡ᠎ᠳᠤ ᠬᠦᠷᠴᠠᠢ᠃


             ᠮᠤᠩᠭᠤᠯ ᠲᠡᠤᠬᠡ ᠰᠤᠶᠤᠯ᠎ᠤᠨ ᠰᠤᠩᠭᠤᠳᠠᠭ ᠵᠤᠬᠢᠶᠠᠯ᠎ᠤᠨ ᠬᠦᠮᠦᠷᠭᠡ᠂
             ᠵᠠᠩ ᠦᠢ᠍ᠯᠡ ᠵᠢᠨ ᠴᠤᠪᠤᠷᠠᠯ 《ᠤᠷᠠᠳ ᠵᠠᠩ ᠦᠢ᠍ᠯᠡ》᠎ᠠᠴᠠ ᠪᠠᠭᠤᠯᠭ᠋ᠠᠪᠠ


    

ᠢᠷᠡᠯᠲᠡ᠄ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ