ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠤᠷᠠᠳᠴᠤᠳ᠎ᠤᠨ ᠠᠬᠠᠰ ᠵᠠᠬᠠᠰ ᠵᠶ᠋ᠠᠨ ᠬᠦᠨᠳᠦᠯᠡᠬᠦ ᠶᠣᠰᠤᠨ

ᠨᠡᠶ᠋ᠢᠲᠡᠯᠡᠭᠰᠡᠨ ᠴᠠᠭ᠄   2024-06-21

     ᠤᠷᠠᠳᠴᠤᠳ ᠬᠡᠳᠦᠶ᠋ᠢᠪᠡᠷ ᠡᠬᠡ ᠬᠠᠭᠤᠷᠠᠢ ᠵᠢᠨ ᠤᠮᠠᠷᠠᠳᠤ᠎ᠳᠤ ᠲᠠᠷᠬᠠᠢ ᠪᠤᠳᠠᠷᠬᠠᠢ ᠨᠤᠳᠤᠭᠰᠢᠨ ᠰᠠᠭᠤᠵᠤ ᠨᠡᠬᠦᠳᠡᠯ᠎ᠤᠨ ᠮᠠᠯ ᠠᠵᠤ ᠠᠬᠤᠢ ᠵᠢᠨ ᠦᠢ᠍ᠯᠡᠳᠪᠤᠷᠢᠯᠡᠯ᠎ᠢ ᠡᠷᠬᠢᠯᠡᠵᠤ ᠪᠤᠶ᠋ᠢᠲᠠ ᠪᠦᠭᠯᠡᠬᠦᠦ᠂ ᠵᠠᠮ ᠬᠠᠷᠢᠯᠴᠠᠭ᠎ᠠ ᠲᠦᠬᠦᠮ ᠦᠬᠡᠢ᠂ ᠰᠤᠶᠤᠯ ᠮᠡᠳᠡᠯᠭᠡ᠂ ᠰᠢᠨᠵᠢᠯᠡᠬᠦ ᠤᠬᠠᠭ᠋ᠠᠨ᠎ᠤ ᠦᠢ᠍ᠯᠡᠰ ᠬᠦᠭᠵᠢᠵᠤ ᠴᠢᠳᠠᠭ᠋ᠠᠳᠤᠢ ᠨᠡᠯᠢᠶᠡᠳ ᠤᠷᠳᠤ ᠬᠤᠭᠤᠴᠠᠭ᠎ᠠ ᠤᠷᠤᠰᠢᠵᠤ ᠢᠷᠡᠭᠰᠡᠨ ᠤᠭᠰᠠᠭ᠎ᠠ ᠪᠦᠯᠦᠭᠲᠡᠨ ᠪᠤᠯᠪᠠᠴᠤ᠂ ᠠᠬᠠᠮᠠᠳ ᠨᠠᠰᠤᠲᠠᠶ᠋ᠢᠴᠤᠳ ᠵᠶ᠋ᠠᠨ ᠬᠦᠨᠳᠦᠯᠡᠬᠦ ᠨᠢᠭᠡᠨ ᠰᠠᠶ᠋ᠢᠨ ᠰᠠᠶ᠋ᠢᠬᠠᠨ ᠵᠠᠩᠰᠢᠯ ᠵᠢᠷᠤᠮ᠎ᠲᠠᠢ ᠠᠶ᠋ᠢᠮᠠᠭ ᠪᠦᠯᠦᠭᠲᠡᠨ ᠶᠤᠮ᠃ ᠤᠷᠠᠳᠴᠤᠳ ᠶᠡᠷᠦ᠎ᠠᠴᠠ ᠨᠠᠰᠤ ᠦᠶ᠎ᠡ ᠪᠠᠭ᠎ᠠ ᠬᠦᠮᠦᠨ᠎ᠨᠢ ᠤᠷᠢᠳᠠᠪᠠᠷ ᠠᠮᠠ ᠨᠡᠭᠡᠭᠡᠵᠤ ᠠᠬᠠᠮᠠᠳ ᠲᠤᠮᠤᠭ᠋ᠠᠳᠠᠳ᠂ ᠠᠬᠠᠰ ᠵᠠᠬᠠᠰ᠎ᠲᠠᠢ᠎ᠪᠠᠨ ᠨᠢᠭᠤᠷ ᠤᠴᠠᠷᠠᠮᠠᠭᠴᠠ ᠠᠮᠤᠷ ᠠᠰᠠᠭᠤᠨ ᠮᠡᠨᠳᠤ ᠰᠤᠯᠢᠯᠴᠠᠳᠠᠭ ᠲᠠᠳᠬᠠᠯ᠎ᠲᠠᠢ᠃
     ᠲᠦᠷᠦᠯ ᠰᠠᠳᠤᠨ᠂ ᠠᠶ᠋ᠢᠯ ᠵᠡᠷᠭᠡᠯᠡᠳᠡᠭᠡ ᠵᠢᠨ᠎ᠬᠢᠨ᠂ ᠦᠨᠳᠦᠰᠦᠲᠡᠨ᠂ ᠡᠷᠡᠭᠲᠠᠢ ᠡᠮᠡᠭᠲᠠᠢ᠂ ᠲᠠᠨᠢᠬᠤ ᠲᠠᠨᠢᠬᠤ ᠦᠬᠡᠢ ᠬᠦᠮᠦᠰ ᠬᠡᠵᠤ ᠢᠯᠭ᠋ᠠᠬᠤ ᠦᠬᠡᠢ ᠤᠴᠠᠷᠠᠵᠤ ᠨᠢᠭᠤᠷ ᠵᠤᠯᠭ᠋ᠠᠬᠤ᠎ᠳᠤ᠎ᠪᠠᠨ ᠨᠠᠰᠤ ᠪᠠᠭ᠎ᠠ᠂ ᠲᠤᠤᠷ᠎ᠠ ᠦᠶ᠎ᠡ ᠪᠤᠯᠤᠭᠰᠠᠨ᠎ᠨᠢ ᠠᠬᠠᠮᠠᠳ ᠵᠶ᠋ᠠᠨ ᠤᠷᠢᠳ ᠵᠶ᠋ᠠᠷ ᠵᠠᠯᠠᠵᠤ ᠰᠠᠭᠤᠯᠭ᠋ᠠᠵᠤ ᠪᠠᠶ᠋ᠢᠭ᠋ᠠᠳ ᠴᠠᠭ᠋ᠠᠨ ᠪᠤᠶᠤ ᠴᠡᠩᠭᠡᠷ ᠬᠠᠳᠠᠭ ᠵᠶ᠋ᠠᠨ ᠭᠠᠷᠭ᠋ᠠᠵᠤ᠂ ᠠᠮᠠ ᠵᠢ᠎ᠨᠢ ᠵᠤᠴᠢᠨ᠎ᠤ ᠦᠭᠡᠲᠡ ᠬᠠᠷᠠᠭᠤᠯᠵᠤ᠂ ᠲᠤᠤᠷ᠎ᠠ ᠦᠶ᠎ᠡ ᠵᠢᠨ᠎ᠬᠢᠨ ᠦᠪᠡᠷ ᠵᠶ᠋ᠠᠨ ᠵᠤᠭᠰᠤᠵᠤ ᠪᠠᠶ᠋ᠢᠭ᠋ᠠᠳ ᠠᠬᠠᠮᠠᠳ ᠲᠤᠮᠤᠭ᠋ᠠᠳᠠᠳ᠎ᠤᠨ ᠬᠠᠳᠠᠭ᠎ᠤᠨ ᠲᠤᠤᠭᠤᠷ ᠦᠪᠡᠷ᠎ᠤᠨ ᠬᠠᠳᠠᠭ ᠵᠶ᠋ᠠᠨ ᠰᠢᠷᠭᠤᠭᠤᠯᠤᠨ ᠤᠷᠤᠭᠤᠯᠵᠤ᠂ ᠨᠠᠮ ᠵᠦᠭᠡᠯᠡᠨ ᠲᠠᠭᠤᠨ ᠠᠶ᠎ᠠ᠎ᠪᠠᠷ ᠡᠨᠡᠷᠢᠩᠬᠦᠢ ᠬᠠᠶ᠋ᠢᠷᠠᠯᠠᠨ ᠬᠦᠨᠳᠤᠳᠭᠡᠭᠰᠡᠨ ᠰᠡᠳᠬᠢᠯᠭᠡ ᠢᠯᠡᠳᠭᠡᠵᠤ᠂ ᠠᠮᠤᠷ ᠮᠡᠨᠳᠤ ᠠᠰᠠᠭᠤᠯᠴᠠᠨ ᠮᠡᠨᠳᠦᠴᠢᠯᠡᠨ ᠵᠤᠯᠭ᠋ᠠᠬᠤ ᠵᠢᠨ ᠲᠠᠭ᠋ᠠᠤ ᠬᠦᠬᠦᠷ ᠰᠤᠯᠢᠯᠴᠠᠳᠠᠭ᠃ ᠤᠳᠤ ᠭᠠᠷ ᠠᠳᠬᠤᠯᠴᠠᠬᠤ᠎ᠪᠠᠷ ᠤᠷᠤᠯᠠᠭᠤᠯᠬᠤ ᠪᠤᠯᠪᠠ᠃
     ᠲᠦᠷᠦᠯ ᠰᠠᠳᠤᠨ᠂ ᠬᠤᠯᠠ ᠤᠶ᠋ᠢᠷ᠎ᠠ ᠲᠠᠨᠢᠬᠤ ᠡᠰᠡᠬᠦ ᠠᠶ᠋ᠢᠯ ᠠᠶ᠋ᠢᠮᠠᠭ᠎ᠤᠨ ᠠᠬᠠᠮᠠᠳ ᠲᠤᠮᠤᠭ᠋ᠠᠳᠠᠳ ᠮᠤᠷᠢ ᠤᠨᠤᠭ᠎ᠠ᠎ᠪᠠᠷ ᠭᠠᠳᠠᠭᠰᠢ ᠶᠠᠪᠤᠭ᠋ᠠᠳ ᠱᠤᠩ ᠲᠡᠭᠡᠷ᠎ᠡ ᠪᠠᠭᠤᠬᠤ ᠰᠢᠨᠵᠢ᠎ᠲᠠᠢ ᠦᠶ᠎ᠡ᠎ᠳᠤ᠂ ᠵᠠᠯᠠᠭᠤᠴᠤᠳ ᠪᠠᠭ᠋ᠠᠴᠤᠳ ᠦᠶ᠎ᠡ ᠵᠢᠨ᠎ᠬᠢᠨ ᠪᠤᠰᠢᠭᠤᠯᠠᠨ ᠲᠤᠰᠴᠤ ᠭᠠᠷᠤᠭ᠋ᠠᠳ ᠨᠤᠬᠠᠢ᠎ᠪᠠᠨ ᠬᠤᠷᠢᠵᠤ ᠠᠩᠬᠠᠷᠬᠤ ᠵᠢᠨ ᠵᠡᠷᠭᠡᠴᠡᠭᠡ᠎ᠪᠠᠷ ᠢᠷᠡᠭᠰᠡᠨ ᠵᠤᠴᠢᠨ᠎ᠤ ᠮᠤᠷᠢ ᠤᠨᠤᠭ᠎ᠠ᠎ᠠᠴᠠ᠎ᠪᠠᠨ ᠪᠠᠭᠤᠬᠤ᠎ᠠᠴᠠ ᠡᠮᠦᠨ᠎ᠡ ᠵᠠᠪᠳᠤᠵᠤ ᠡᠪ ᠵᠦᠢ᠍ᠲᠡᠢ᠎ᠪᠠᠷ ᠮᠤᠷᠢ ᠤᠨᠤᠭ᠋ᠠᠨ᠎ᠤ᠎ᠬᠢᠨ ᠵᠢᠯᠤᠭᠤ ᠴᠤᠯᠪᠤᠭᠤᠷ᠎ᠠᠴᠠ ᠠᠳᠬᠤᠵᠤ ᠠᠪᠤᠭ᠋ᠠᠳ ᠠᠬᠠᠮᠠᠳ ᠲᠤᠮᠤᠭ᠋ᠠᠳᠠᠳ᠎ᠢ ᠤᠨᠤᠭ᠋ᠠᠨ᠎ᠠᠴᠠ᠎ᠨᠢ ᠰᠤᠭᠤᠳᠠᠨ ᠪᠠᠭᠤᠯᠭ᠋ᠠᠵᠤ ᠤᠨᠤᠭ᠋ᠠᠷᠢ ᠵᠢ᠎ᠨᠢ ᠱᠤᠩ ᠲᠡᠭᠡᠷ᠎ᠡ ᠤᠶᠠᠬᠤ ᠵᠢᠨ ᠲᠠᠭ᠋ᠠᠤ ᠡᠮᠡᠭᠡᠯ ᠲᠡᠭᠡᠷ᠎ᠡ ᠲᠤᠬᠤᠵᠤ ᠪᠠᠶ᠋ᠢᠭᠰᠠᠨ ᠭᠠᠨᠵᠤᠭ᠎ᠠ ᠲᠠᠶ᠋ᠢᠯᠠᠩ᠎ᠢ᠎ᠨᠢ ᠡᠷᠬᠦᠵᠤ ᠠᠪᠤᠭ᠋ᠠᠳ ᠡᠬᠦᠷᠴᠤ ᠲᠡᠪᠡᠷᠢᠨ ᠢᠷᠡᠭᠰᠡᠨ ᠵᠤᠴᠢᠨ ᠠᠬᠠᠮᠠᠳ ᠲᠤᠮᠤᠭ᠋ᠠᠳᠠᠳ᠎ᠢ ᠤᠷᠢᠳᠠᠪᠠᠷ ᠭᠡᠷ᠎ᠲᠤ ᠵᠠᠯᠠᠨ ᠤᠷᠤᠭᠤᠯᠵᠤ᠂ ᠭᠠᠨᠵᠤᠭ᠎ᠠ ᠲᠠᠶ᠋ᠢᠯᠠᠩ᠎ᠢ᠎ᠨᠢ ᠬᠠᠵᠠᠭᠤ᠎ᠳᠤ᠎ᠨᠢ ᠲᠠᠯᠪᠢᠵᠤ ᠦᠭᠬᠦᠭᠡᠳ ᠵᠤᠴᠢᠯᠠᠳᠠᠭ ᠵᠠᠩᠰᠢᠯ᠎ᠲᠠᠢ᠃ ᠬᠦᠮᠦᠨ᠎ᠤ ᠦᠭᠡᠷ᠎ᠡ ᠵᠢᠨ ᠬᠡᠵᠤ ᠢᠯᠭ᠋ᠠᠯ ᠦᠭᠡᠢ ᠠᠬᠠᠮᠠᠳ ᠲᠤᠮᠤᠭ᠋ᠠᠳᠠᠳ ᠭᠡᠷ᠎ᠠᠴᠠ ᠭᠠᠷᠴᠤ ᠮᠤᠷᠢ ᠤᠨᠤᠭ᠎ᠠ᠎ᠪᠠᠷ ᠭᠠᠳᠠᠭᠰᠢ ᠮᠤᠷᠳᠠᠬᠤ ᠦᠶᠡᠰ ᠵᠠᠯᠠᠭᠤ ᠪᠠᠭ᠎ᠠ ᠲᠤᠤᠷ᠎ᠠ ᠦᠶ᠎ᠡ ᠪᠤᠯᠤᠭᠰᠠᠳ ᠮᠤᠷᠢ ᠤᠨᠤᠭ᠎ᠠ ᠵᠢ ᠡᠪᠡᠰᠦᠯᠡᠨ ᠤᠰᠤᠯᠠᠵᠤ ᠲᠤᠳᠤᠮᠳᠠᠨ ᠡᠮᠡᠬᠡᠯᠯᠡᠵᠤ ᠪᠡᠯᠡᠳᠭᠡᠭᠡᠳ ᠠᠬᠠᠮᠠᠳ ᠲᠤᠮᠤᠭ᠋ᠠᠳᠠᠳ ᠵᠶ᠋ᠠᠨ ᠬᠡᠷ᠎ᠠᠴᠠ᠎ᠪᠠᠨ ᠭᠠᠨᠵᠤᠭ᠎ᠠ ᠬᠦᠰᠭᠡ ᠵᠢ᠎ᠨᠢ ᠬᠠᠪᠰᠤᠷᠤᠨ ᠠᠪᠴᠤ ᠲᠠᠭ᠋ᠠᠭᠤᠯᠤᠨ ᠭᠠᠷᠴᠤ ᠱᠤᠩ ᠲᠡᠭᠡᠷ᠎ᠡ ᠤᠶᠠᠭ᠋ᠠᠲᠠᠢ ᠮᠤᠷᠢ ᠤᠨᠤᠭ᠎ᠠ ᠵᠢ᠎ᠨᠢ ᠲᠠᠶ᠋ᠢᠯᠠᠵᠤ ᠠᠪᠤᠭ᠋ᠠᠳ ᠱᠤᠩ᠎ᠠᠴᠠ ᠬᠡᠳᠤᠨ ᠠᠯᠬᠤᠮ ᠵᠠᠶ᠋ᠢᠲᠠᠢ ᠭᠠᠵᠠᠷ ᠬᠦᠳᠦᠯᠵᠤ ᠵᠠᠶ᠋ᠢᠯᠠᠭᠤᠯᠤᠭ᠋ᠠᠳ ᠤᠯᠤᠩ ᠵᠢᠷᠢᠮ᠎ᠢ᠎ᠨᠢ ᠲᠠᠬᠢᠨ ᠵᠠᠰᠠᠵᠤ ᠴᠢᠩᠭ᠋ᠠᠯᠠᠨ ᠦᠭᠭᠦᠭᠡᠳ ᠨᠠᠰᠤᠲᠠᠨ ᠲᠤᠮᠤᠭ᠋ᠠᠳᠠᠳ ᠵᠶ᠋ᠠᠨ ᠰᠤᠭᠤᠳᠠᠨ ᠮᠤᠷᠳᠠᠭᠤᠯᠵᠤ 《ᠵᠠ᠂ ᠲᠠ ᠰᠠᠶ᠋ᠢᠨ ᠶᠠᠪᠤᠭ᠋ᠠᠳ ᠢᠷ᠎ᠡ》 ᠭᠡᠬᠦ ᠪᠤᠶᠤ 《ᠰᠠᠶ᠋ᠢᠨ ᠶᠠᠪᠤᠭ᠋ᠠᠷᠠᠢ᠂ ᠲᠠᠬᠢᠭ᠋ᠠᠳ ᠮᠠᠨ᠎ᠤ ᠭᠡᠷ ᠵᠶ᠋ᠠᠷ ᠵᠤᠴᠢᠨ ᠪᠤᠯᠵᠤ ᠢᠷᠡᠭᠡᠷᠡᠢ》 ᠬᠡᠵᠤ ᠵᠠᠯᠠᠬᠤ ᠵᠢᠨ ᠲᠠᠭ᠋ᠠᠤ 《ᠠᠶᠠᠨ ᠵᠠᠮ᠎ᠳᠤ᠎ᠪᠠᠨ ᠦᠭᠡᠲᠡ ᠬᠡᠶ᠋ᠢᠮᠦᠷᠢ᠎ᠲᠠᠢ ᠰᠠᠶ᠋ᠢᠨ ᠶᠠᠪᠤᠭ᠋ᠠᠷᠠᠢ》 ᠬᠡᠵᠤ ᠢᠷᠦᠭᠡᠨ ᠵᠦᠩᠨᠡᠳᠡᠭ᠃ ᠬᠦᠭᠰᠢᠳ ᠵᠠᠯᠠᠭᠤᠴᠤᠳ ᠬᠡᠤᠬᠡᠳ ᠨᠢᠯᠬᠠᠰ ᠭᠡᠷ᠎ᠲᠤ᠎ᠪᠠᠨ ᠬᠠᠮᠳᠤ ᠰᠠᠭᠤᠵᠤ ᠴᠠᠢ ᠬᠤᠭᠤᠯᠠ ᠢᠳᠡᠬᠦ᠎ᠳᠤ᠎ᠪᠠᠨ ᠬᠦᠷᠲᠡᠯ᠎ᠡ ᠠᠬᠠᠮᠠᠳ ᠲᠤᠮᠤᠭ᠋ᠠᠳᠠᠳ ᠵᠶ᠋ᠠᠨ ᠬᠤᠶ᠋ᠢᠮᠤᠷ ᠵᠠᠯᠠᠵᠤ ᠰᠠᠭᠤᠯᠭ᠋ᠠᠨ ᠦᠶ᠎ᠡ ᠨᠠᠰᠤᠨ᠎ᠤ ᠬᠢᠵᠠᠭ᠋ᠠᠷᠯᠠᠯ ᠲᠡᠰ ᠲᠠᠷᠠᠭ᠎ᠠ᠎ᠪᠠᠷ ᠲᠤᠷᠤᠭᠰᠢ ᠵᠡᠷᠭᠡᠴᠡᠨ ᠰᠠᠭᠤᠵᠤ ᠤᠷᠢᠳ ᠵᠶ᠋ᠠᠷ ᠠᠬᠠᠮᠠᠳ ᠲᠤᠮᠤᠭ᠋ᠠᠳᠠᠳ᠎ᠲᠤ᠎ᠪᠠᠨ ᠴᠠᠢ ᠬᠤᠭᠤᠯᠠ ᠵᠢᠨ ᠲᠡᠭᠡᠵᠢ᠎ᠪᠠᠨ ᠠᠶᠠᠭ᠋ᠠᠯᠠᠨ ᠦᠭᠴᠤ ᠠᠬᠠᠮᠠᠳ ᠲᠤᠮᠤᠭ᠋ᠠᠳᠠᠳ ᠭᠠᠷ ᠬᠦᠳᠡᠯᠦᠨ ᠢᠳᠡᠵᠤ ᠤᠤᠭᠤᠵᠤ ᠡᠬᠢᠯᠡᠭᠰᠡᠨ᠎ᠤ ᠲᠠᠷᠠᠭ᠎ᠠ᠂ ᠨᠠᠰᠤ ᠪᠠᠭ᠎ᠠ ᠬᠦᠮᠦᠰ ᠰᠠᠶᠢ ᠡᠬᠢᠯᠡᠵᠤ ᠢᠳᠡᠵᠤ ᠤᠤᠭᠤᠬᠤ ᠵᠠᠩᠰᠢᠯ᠎ᠲᠠᠢ᠃
     ᠤᠷᠠᠳᠴᠤᠳ ᠭᠡᠷ᠎ᠲᠤ᠎ᠨᠢ ᠵᠤᠴᠢᠨ ᠭᠡᠶ᠋ᠢᠴᠢᠨ ᠢᠷᠡᠭᠰᠡᠨ᠎ᠤ ᠲᠠᠷᠠᠭ᠎ᠠ ᠴᠠᠢ ᠠᠶᠠᠭ᠋ᠠᠯᠠᠵᠤ ᠦᠭᠬᠦ᠎ᠳᠤ᠎ᠪᠠᠨ ᠦᠪᠡᠷ᠎ᠤᠨ ᠠᠬᠠᠮᠠᠳ ᠲᠤᠮᠤᠭ᠋ᠠᠳᠠᠳ᠎ᠲᠤ᠎ᠪᠠᠨ ᠴᠤ᠌ ᠬᠠᠮᠳᠤ᠎ᠳᠤ᠎ᠨᠢ ᠴᠠᠢ ᠠᠶᠠᠭ᠋ᠠᠯᠠᠬᠤ ᠶᠡᠭᠡ ᠰᠠᠶ᠋ᠢᠬᠠᠨ ᠵᠠᠩᠰᠢᠯ᠎ᠲᠠᠢ ᠪᠠᠶ᠋ᠢᠳᠠᠭ᠃ ᠬᠤᠷᠢᠮ ᠨᠠᠶ᠋ᠢᠷ᠎ᠲᠤ ᠠᠬᠠᠮᠠᠳ ᠲᠤᠮᠤᠭ᠋ᠠᠳᠠᠳ ᠵᠶ᠋ᠠᠨ ᠰᠢᠷᠡᠭᠡᠨ ᠭᠤᠤᠯ᠎ᠳᠤ ᠰᠠᠭ᠋ᠠᠳᠠᠭᠤᠯᠵᠤ᠂ ᠲᠡᠲᠡᠨ᠎ᠠᠴᠠ ᠡᠬᠢᠯᠡᠵᠤ ᠴᠠᠢ ᠠᠶᠠᠭ᠋ᠠᠯᠠᠵᠤ ᠲᠠᠷᠠᠰᠤ ᠵᠠᠰᠠᠵᠤ ᠶᠤᠰᠤ ᠬᠦᠢ᠍ᠴᠡᠳᠭᠡᠳᠡᠭ᠃ ᠦᠷ᠎ᠡ ᠠᠴᠢᠨᠠᠷ᠎ᠨᠢ ᠰᠢᠭᠤᠳ ᠬᠠᠷᠢᠭᠤᠴᠠᠵᠤ ᠲᠦᠷᠦᠯ ᠰᠠᠳᠤᠨ ᠠᠬᠠᠰ ᠵᠠᠬᠠᠰ᠎ᠤᠨ ᠠᠨᠳᠠ ᠨᠠᠶ᠋ᠢᠵᠠ ᠵᠢ ᠵᠠᠯᠠᠵᠤ ᠠᠬᠠᠮᠠᠳ ᠲᠤᠮᠤᠭ᠋ᠠᠳᠠᠳ᠎ᠤᠨ ᠵᠶ᠋ᠠᠨ ᠲᠠᠯᠠᠨ ᠭᠤᠷᠪᠠ᠂ ᠨᠠᠶᠠᠨ ᠨᠢᠭᠡ᠂ ᠨᠠᠶᠠᠨ ᠲᠠᠪᠤ᠂ ᠶᠡᠷᠡ ᠮᠡᠳᠦ ᠵᠢᠨ ᠦᠨᠳᠦᠷ ᠨᠠᠰᠤᠨ᠎ᠤ ᠪᠠᠶᠠᠷ ᠲᠤᠷᠠᠰᠬᠠᠯ᠎ᠢ ᠪᠡᠯᠭᠡᠯᠡᠵᠤ ᠤᠷᠳᠤ ᠨᠠᠰᠤᠯᠠᠵᠤ ᠤᠳᠠᠭ᠋ᠠᠨ ᠵᠢᠷᠭ᠋ᠠᠬᠤ ᠵᠢ ᠵᠦᠩᠨᠡᠨ ᠢᠷᠦᠭᠡᠳᠡᠭ᠃ ᠤᠷᠠᠳᠴᠤᠳ ᠶᠡᠷᠦ ᠠᠬᠠᠮᠠᠳ ᠲᠤᠮᠤᠭ᠋ᠠᠳᠠᠳ᠎ᠤᠨ ᠵᠶ᠋ᠠᠨ ᠢᠵᠢᠯ ᠠᠳᠠᠯᠢ ᠨᠡᠷ᠎ᠡ᠎ᠲᠠᠢ ᠬᠦᠮᠦᠨ᠎ᠢ ᠨᠡᠷ᠎ᠡ᠎ᠪᠠᠷ᠎ᠨᠢ ᠰᠢᠭᠤᠳ ᠲᠠᠭᠤᠳᠠᠬᠤ᠎ᠠᠴᠠ ᠴᠡᠭᠡᠷᠯᠡᠳᠡᠭ᠃ ᠬᠠᠷᠢᠨ ᠰᠢᠯᠵᠢᠬᠦᠯᠦᠨ 《ᠬᠡᠴᠡᠭᠦᠦ ᠨᠡᠷᠡᠳᠤ》 ᠬᠡᠬᠦ ᠪᠤᠶᠤ ᠡᠬᠦᠷᠭᠡ ᠲᠤᠰᠢᠶᠠᠯ ᠠᠵᠢᠯ ᠦᠢ᠍ᠯᠡᠰ᠎ᠤᠨ ᠬᠢᠨᠢ ᠠᠪᠢᠶᠠᠰ ᠤᠨᠴᠠᠯᠢᠭ ᠵᠶ᠋ᠠᠷ ᠯᠠᠮᠠᠬᠠᠢ᠂ ᠤᠷᠭ᠋ᠠᠴᠢᠨ ᠭᠤᠸᠠᠢ᠂ ᠲᠠᠭᠤᠴᠢᠨ ᠭᠤᠸᠠᠢ ᠁ ᠭᠡᠬᠦ ᠮᠡᠳᠦ ᠭᠤᠶᠤᠮᠰᠤᠭ ᠨᠡᠷ᠎ᠡ ᠬᠠᠶ᠋ᠢᠷᠠᠯᠠᠨ ᠨᠡᠷᠡᠯᠡᠳᠡᠭ᠃ ᠲᠦᠷᠦᠯ ᠰᠠᠳᠤᠨ ᠪᠤᠰᠤ ᠠᠶ᠋ᠢᠯ ᠠᠶ᠋ᠢᠮᠠᠭ᠎ᠤᠨ ᠠᠬᠠᠮᠠᠳ ᠲᠤᠮᠤᠭ᠋ᠠᠳᠠᠳ ᠵᠶ᠋ᠠᠨ ᠬᠦᠷᠲᠡᠯ᠎ᠡ ᠨᠡᠷ᠎ᠡ᠎ᠪᠠᠷ᠎ᠨᠢ ᠲᠠᠭᠤᠳᠠᠬᠤ ᠦᠬᠡᠢ᠂ ᠠᠶ᠋ᠢᠯ᠎ᠤᠨ ᠠᠪᠠᠭ᠎ᠠ᠂ ᠠᠶ᠋ᠢᠯ᠎ᠤᠨ ᠮᠦᠮᠦ᠂ ᠵᠠᠵᠠᠢ᠂ ᠠᠬ᠎ᠠ ᠡᠭᠡᠴᠢ ᠭᠡᠬᠦ ᠪᠤᠶᠤ ᠠᠳᠤᠭᠤᠴᠢᠨ ᠠᠪᠠᠭ᠎ᠠ᠂ ᠦᠭᠡᠷᠴᠢᠨ ᠠᠬ᠎ᠠ᠂ ᠬᠤᠨᠢᠴᠢᠨ ᠨᠠᠭ᠎ᠠ᠂ ᠲᠡᠮᠡᠭᠡᠴᠢᠨ ᠵᠠᠵᠠᠢ ᠬᠡᠵᠤ ᠠᠵᠢᠯ ᠦᠢ᠍ᠯᠡ᠎ᠪᠠᠷ᠎ᠨᠢ ᠭᠤᠶᠤᠮᠰᠤᠭ ᠨᠡᠷ᠎ᠡ ᠦᠭᠴᠤ ᠲᠠᠭᠤᠳᠠᠳᠠᠭ ᠵᠠᠩᠰᠢᠯ ᠪᠤᠢ᠃ ᠠᠬᠠᠮᠠᠳ ᠲᠤᠮᠤᠭ᠋ᠠᠳᠠᠳ᠎ᠤᠨ ᠲᠡᠷᠭᠡᠳᠡ ᠠᠶ᠋ᠢᠯ ᠭᠡᠷ ᠪᠤᠯᠤᠭᠰᠠᠨ ᠦᠬᠡᠢ᠂ ᠡᠬᠦᠳᠡ ᠡᠷᠦᠬᠡ ᠪᠤᠰᠬᠠᠭᠰᠠᠨ ᠦᠬᠡᠢ ᠦᠷ᠎ᠡ ᠠᠴᠢᠨᠠᠷ᠎ᠨᠢ ᠠᠷᠢᠬᠢ ᠤᠤᠭᠤᠵᠤ᠂ ᠲᠠᠮᠠᠬᠢ ᠲᠠᠲᠠᠳᠠᠭ ᠦᠬᠡᠢ᠂ ᠪᠦᠳᠦᠬᠦᠯᠢᠭ ᠮᠠᠭᠤᠬᠠᠢ ᠮᠤᠷᠠᠯ ᠰᠤᠷᠲᠠᠯ ᠦᠬᠡᠢ ᠪᠤᠯᠪᠠᠰᠤᠨ ᠪᠤᠰᠤ ᠦᠭᠡ ᠬᠡᠯᠡᠳᠡᠭ ᠦᠬᠡᠢ᠃ ᠬᠠᠷᠢᠨ ᠠᠬᠠᠮᠠᠳ ᠲᠤᠮᠤᠭ᠋ᠠᠳᠠᠳ᠎ᠤᠨ ᠰᠤᠷᠭ᠋ᠠᠯ ᠵᠢᠭ᠋ᠠᠪᠤᠷᠢ ᠵᠢ ᠨᠢᠮᠪᠠᠢ ᠬᠦᠯᠢᠴᠡᠩᠭᠦᠢ ᠠᠩᠬᠠᠷᠤᠨ ᠰᠤᠨᠤᠰᠴᠤ ᠠᠮᠢᠳᠤᠷᠠᠯ ᠠᠵᠢᠯ ᠶᠠᠪᠤᠳᠠᠯ᠎ᠤᠨ ᠲᠤᠮᠳᠠᠬᠢ ᠴᠡᠭᠡᠷᠯᠡᠯ ᠰᠤᠷᠭ᠋ᠠᠮᠵᠢ ᠪᠤᠯᠭ᠋ᠠᠳᠠᠭ ᠵᠠᠩᠰᠢᠯ᠎ᠲᠠᠢ ᠪᠠᠶ᠋ᠢᠳᠠᠭ᠃ ᠠᠬᠠᠮᠠᠳ ᠲᠤᠮᠤᠭ᠋ᠠᠳᠠᠳ ᠬᠤᠭᠤᠷᠤᠨᠳᠤ᠎ᠪᠠᠨ ᠬᠠᠷᠢᠯᠴᠠᠨ ᠵᠤᠭᠤᠭᠳᠠᠨ ᠶᠠᠷᠢᠯᠴᠠᠵᠤ ᠪᠠᠶ᠋ᠢᠭ᠎ᠠ ᠦᠶ᠎ᠡ᠎ᠳᠤ ᠦᠷ᠎ᠡ ᠠᠴᠢᠨᠠᠷ ᠪᠤᠯᠤᠭᠰᠠᠳ ᠲᠤᠮᠲᠠ᠎ᠨᠢ ᠬᠤᠩᠰᠢᠶᠠᠷ ᠠᠮᠠ ᠲᠦᠷᠦᠳᠡᠭ ᠦᠬᠡᠢ ᠴᠡᠭᠡᠷ ᠬᠤᠷᠢᠭ᠎ᠠ᠎ᠲᠠᠢ ᠪᠠᠶ᠋ᠢᠳᠠᠭ᠃ ᠠᠬᠠᠮᠠᠳ ᠲᠤᠮᠤᠭ᠋ᠠᠳᠠᠳ ᠮᠠᠯ ᠤᠰᠤᠯᠠᠬᠤ᠂ ᠡᠪᠡᠰᠦᠯᠡᠬᠦ᠂ ᠨᠤᠤᠰᠤᠯᠠᠬᠤ ᠮᠡᠳᠦ ᠠᠵᠢᠯ ᠬᠦᠳᠡᠯᠮᠦᠷᠢ ᠬᠢᠵᠤ ᠪᠠᠶ᠋ᠢᠭ᠎ᠠ᠎ᠲᠠᠢ ᠲᠤᠬᠢᠶᠠᠯᠳᠤᠪᠠᠯ ᠨᠠᠰᠤ᠎ᠪᠠᠷ ᠵᠠᠯᠠᠭᠤ ᠪᠠᠭ᠋ᠠᠴᠤᠳ ᠠᠵᠢᠯ ᠶᠠᠪᠤᠳᠠᠯ ᠬᠡᠳᠦᠢ ᠶᠠᠭ᠋ᠠᠷᠠᠤ ᠪᠠᠶ᠋ᠢᠭᠰᠠᠨ ᠴᠤ᠌ ᠵᠠᠪᠠᠯ ᠤᠴᠢᠵᠤ ᠲᠦᠷ ᠵᠠᠭᠤᠷ᠎ᠠ ᠴᠤ᠌ ᠭᠡᠰᠡᠨ ᠬᠠᠪᠰᠤᠷᠴᠤ ᠲᠡᠮᠵᠢᠯᠭᠡ ᠲᠤᠰᠠ ᠦᠵᠡᠬᠦᠯᠬᠦ ᠶᠤᠰᠤ᠎ᠲᠠᠢ᠃ ᠠᠶ᠋ᠢᠯ ᠭᠡᠷ᠎ᠤᠨ ᠵᠶ᠋ᠠᠨ ᠡᠳᠤᠷ ᠲᠤᠳᠤᠮ᠎ᠤᠨ ᠤᠴᠢᠷ ᠶᠠᠪᠤᠳᠠᠯ ᠵᠶ᠋ᠠᠨ ᠶᠡᠭᠡ ᠪᠠᠭ᠎ᠠ ᠬᠡᠵᠤ ᠢᠯᠭ᠋ᠠᠯ ᠦᠭᠡᠢ ᠠᠬᠠᠮᠠᠳ ᠲᠤᠮᠤᠭ᠋ᠠᠳᠠᠳ᠎ᠲᠠᠢ᠎ᠪᠠᠨ ᠵᠦᠪᠲᠡᠨ ᠶᠠᠷᠢᠯᠴᠠᠵᠤ᠂ ᠲᠡᠲᠡᠨ᠎ᠤ ᠰᠠᠨᠠᠯ ᠵᠦᠪᠯᠡᠯᠭᠡ ᠵᠢ ᠬᠦᠯᠢᠴᠡᠩᠭᠦᠢ᠎ᠪᠠᠷ ᠬᠦᠯᠢᠶᠡᠨ ᠠᠪᠴᠤ ᠤᠴᠢᠷ ᠶᠠᠪᠤᠳᠠᠯ ᠵᠶ᠋ᠠᠨ ᠰᠢᠢ᠍ᠳᠪᠦᠷᠢᠯᠡᠬᠦ ᠭᠤᠤᠯ ᠭᠤᠭᠴᠤᠭ᠎ᠠ ᠠᠷᠭ᠎ᠠ ᠪᠤᠯᠭ᠋ᠠᠳᠠᠭ᠃ ᠠᠬᠠᠮᠠᠳ ᠲᠤᠮᠤᠭ᠋ᠠᠳᠠᠳ᠎ᠨᠢ ᠡᠪᠡᠳᠴᠢᠨ ᠡᠮᠭᠡᠭ᠎ᠲᠤ ᠨᠡᠷᠪᠡᠭᠳᠡᠪᠡᠯ ᠡᠮᠴᠢ ᠲᠤᠮᠴᠢ ᠵᠠᠯᠠᠵᠤ ᠵᠠᠰᠠᠭᠤᠯᠤᠨ ᠡᠮ ᠲᠠᠩ ᠲᠤᠬᠢᠷᠠᠭᠤᠯᠤᠨ ᠴᠢᠨᠠᠵᠤ ᠤᠤᠭᠤᠯᠭ᠋ᠠᠵᠤ᠂ ᠢᠳᠡᠭᠡᠨ ᠤᠮᠳᠠᠭ᠋ᠠᠨ᠎ᠤ ᠠᠮᠲᠠ ᠰᠢᠮ᠎ᠡ ᠵᠢ᠎ᠨᠢ ᠲᠤᠬᠢᠷᠠᠭᠤᠯᠵᠤ᠂ ᠰᠢᠩᠭᠡᠨ ᠦᠳᠭᠡᠨ᠎ᠢ᠎ᠨᠢ ᠴᠡᠪᠡᠷᠯᠡᠬᠦ ᠮᠡᠳᠦ ᠦᠷ᠎ᠡ ᠠᠴᠢᠨᠠᠷ᠎ᠤᠨ ᠡᠬᠦᠷᠭᠡ ᠬᠠᠷᠢᠭᠤᠴᠠᠯᠭ᠎ᠠ᠎ᠪᠠᠨ ᠨᠠᠷᠢᠨ ᠨᠢᠮᠪᠠᠢ ᠬᠦᠢ᠍ᠴᠡᠳᠭᠡᠬᠦ᠎ᠪᠠᠨ ᠤᠨᠴᠠ ᠴᠢᠬᠤᠯᠠᠴᠢᠯᠠᠳᠠᠭ ᠵᠠᠩᠰᠢᠯ᠎ᠲᠠᠢ᠃ ᠠᠬᠠᠮᠠᠳ ᠲᠤᠮᠤᠭ᠋ᠠᠳᠠᠳ᠎ᠨᠢ ᠶᠢᠷᠲᠢᠨᠴᠦ᠎ᠠᠴᠠ ᠰᠠᠯᠵᠤ ᠲᠠᠭ᠋ᠠᠯᠠᠯ ᠪᠤᠯᠪᠠᠯ ᠦᠨᠳᠦᠰᠦᠲᠡᠨ᠎ᠤ ᠵᠠᠩ ᠲᠠᠳᠬᠠᠯ ᠵᠤᠷᠰᠢᠯ ᠶᠤᠰᠤᠭ᠋ᠠᠷ ᠬᠤᠶ᠋ᠢᠴᠢ ᠶᠠᠪᠤᠳᠠᠯ᠎ᠢ᠎ᠨᠢ ᠰᠠᠶ᠋ᠢᠬᠠᠨ ᠲᠤᠬᠢᠷᠠᠭᠤᠯᠬᠤ ᠵᠢᠨ ᠬᠠᠮᠳᠤ᠂ ᠭᠤᠷᠪᠠᠨ ᠲᠤᠯᠤᠭ᠎ᠠ ᠬᠤᠷᠢᠨ ᠨᠢᠭᠡ ᠬᠤᠨᠤᠭ᠂ ᠲᠤᠯᠤᠭ᠋ᠠᠨ ᠲᠤᠯᠤᠭ᠎ᠠ ᠲᠦᠴᠢ ᠶᠢᠰᠦᠨ ᠬᠤᠨᠤᠭ᠂ ᠬᠠᠮᠤᠭ ᠤᠷᠳᠤ᠎ᠳᠤ᠎ᠪᠠᠨ ᠵᠠᠭᠤ ᠬᠤᠨᠤᠭ᠎ᠤᠨ ᠬᠤᠭᠤᠴᠠᠭ᠋ᠠᠨ ᠲᠤᠳᠤᠷ᠎ᠠ ᠬᠦᠮᠦᠰ᠎ᠲᠠᠢ ᠮᠡᠨᠳᠦᠴᠢᠯᠡᠬᠦ ᠦᠬᠡᠢ᠂ ᠨᠠᠶ᠋ᠢᠷ ᠨᠠᠭ᠋ᠠᠳᠤᠮ᠎ᠳᠤ ᠤᠷᠤᠬᠤ ᠦᠭᠡᠢ᠂ ᠤᠷᠤᠯᠴᠠᠬᠤ ᠦᠬᠡᠢ᠂ ᠲᠠᠭᠤᠤ ᠲᠠᠭᠤᠯᠠᠬᠤ ᠦᠭᠡᠢ ᠪᠡᠯᠪᠡᠰᠦᠷᠡᠯ᠎ᠤᠨ ᠬᠤᠭᠤᠴᠠᠭ᠎ᠠ ᠬᠦᠢ᠍ᠴᠡᠳᠭᠡᠵᠤ᠂ ᠠᠬᠠᠰ ᠵᠠᠬᠠᠰ ᠵᠶ᠋ᠠᠨ ᠲᠠᠭ᠋ᠠᠯᠠᠯ ᠪᠤᠯᠤᠭᠰᠠᠨ ᠶᠠᠪᠤᠳᠠᠯ᠎ᠳᠤ ᠬᠠᠷᠠᠮᠰᠠᠨ ᠭᠠᠰᠢᠭᠤᠳᠠᠵᠤ ᠪᠠᠶ᠋ᠢᠭ᠎ᠠ ᠰᠡᠳᠬᠢᠯᠭᠡ᠎ᠪᠠᠨ ᠢᠯᠡᠳᠭᠡᠨ ᠭᠦᠢ᠍ᠴᠡᠳᠭᠡᠳᠡᠭ᠃
     ᠦᠨᠳᠦᠰᠦᠨ᠎ᠳᠤ᠎ᠪᠠᠨ ᠲᠦᠷᠦᠭᠰᠡᠨ ᠦᠷ᠎ᠡ ᠠᠴᠢᠨᠠᠷ᠎ᠨᠢ ᠪᠦᠬᠦᠯᠢ ᠵᠢᠯ᠎ᠤᠨ ᠲᠤᠳᠤᠷ᠎ᠠ ᠤᠷᠤᠭ ᠬᠤᠷᠢᠮ ᠬᠡᠯᠡᠯᠴᠡᠵᠤ ᠨᠠᠶ᠋ᠢᠷ ᠬᠢᠳᠡᠭ ᠦᠬᠡᠢ᠂ ᠪᠡᠯᠪᠡᠰᠦᠷᠡᠯ᠎ᠤᠨ ᠬᠤᠭᠤᠴᠠᠭ᠋ᠠᠨ᠎ᠳᠤ᠎ᠪᠠᠨ ᠵᠢᠩᠰᠡ᠎ᠲᠠᠢ ᠮᠠᠯᠠᠭ᠋ᠠᠢ ᠡᠮᠦᠰᠳᠡᠭ ᠦᠬᠡᠢ᠂ ᠵᠢᠩᠰᠡ ᠵᠢ᠎ᠨᠢ ᠨᠢᠭᠡ ᠪᠤᠯ ᠠᠪᠴᠤ ᠬᠤᠷᠢᠶᠠᠵᠤ ᠲᠠᠯᠪᠢᠨ᠎ᠠ᠃ ᠡᠰᠡᠬᠦᠯ᠎ᠡ ᠵᠢᠩᠰᠡ᠎ᠪᠠᠨ ᠬᠠᠷ᠎ᠠ ᠪᠦᠰ ᠵᠶ᠋ᠠᠷ ᠪᠤᠭᠤᠵᠤ ᠡᠮᠦᠰᠦᠭᠡᠳ ᠪᠡᠯᠪᠡᠰᠦᠷᠡᠯ ᠬᠦᠢ᠍ᠴᠡᠳᠭᠡᠳᠡᠭ ᠶᠤᠰᠤ᠎ᠲᠠᠢ ᠪᠠᠶ᠋ᠢᠵᠠᠢ᠃ ᠡᠳᠡᠭᠡᠷ᠎ᠠᠴᠠ ᠭᠠᠳᠠᠨ᠎ᠠ ᠦᠷ᠎ᠡ ᠠᠴᠢᠨᠠᠷ ᠪᠤᠯᠤᠭᠰᠠᠳ ᠠᠬᠠᠮᠠᠳ ᠲᠤᠮᠤᠭ᠋ᠠᠳᠠᠳ᠎ᠲᠤ᠎ᠪᠠᠨ ᠬᠤᠪᠴᠠᠰᠤ ᠬᠤᠨᠠᠷ᠂ ᠤᠷᠤ ᠲᠡᠪᠢᠰᠭᠡᠷ᠎ᠢ᠎ᠨᠢ ᠤᠬᠢᠶᠠᠵᠤ ᠴᠡᠪᠡᠷᠯᠡᠵᠤ ᠬᠤᠷᠢᠶᠠᠵᠤ ᠲᠡᠪᠢᠰᠴᠤ ᠦᠭᠬᠦ᠂ ᠲᠤᠷᠠᠰᠢᠯ᠎ᠲᠠᠢ ᠢᠳᠡᠭᠡᠨ ᠤᠮᠳᠠᠭ᠋ᠠᠨ᠎ᠢ᠎ᠨᠢ ᠬᠠᠩᠭ᠋ᠠᠮᠵᠢᠲᠠᠢ ᠬᠠᠩᠭ᠋ᠠᠬᠤ ᠮᠡᠳᠦ ᠮᠠᠰᠢ ᠤᠯᠠᠨ ᠪᠤᠯᠪᠠᠰᠤᠨ ᠶᠤᠰᠤ ᠮᠤᠷᠠᠯ᠎ᠲᠠᠢ ᠪᠠᠶ᠋ᠢᠳᠠᠭ᠃


         ᠵ᠊ᠣᠷᠢᠭᠪᠠᠭ᠋ᠠᠲᠣᠷ᠎ᠤᠨ ᠨᠠᠶ᠋ᠢᠷᠠᠭᠤᠯᠣᠨ ᠵᠣᠬᠢᠶᠠᠭᠰᠠᠨ 《ᠣᠷᠠᠨ ᠲᠠᠷᠬᠠᠨ ᠣᠷᠠᠳ᠎ᠤᠨ ᠵᠠᠩ ᠦᠢ᠍ᠯᠡ》 ᠬᠡᠬᠦ ᠨᠣᠮ᠎ᠠᠴᠠ ᠪᠠᠭᠤᠯᠭ᠋ᠠᠪᠠ
    

ᠢᠷᠡᠯᠲᠡ᠄ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ