ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠤᠷᠠᠳᠴᠤᠳ᠎ᠤᠨ ᠤᠷᠤᠰᠢᠭᠤᠯᠭ᠎ᠠ ᠵᠢᠨ ᠶᠤᠰᠦ ᠵᠠᠩᠰᠢᠯ

ᠨᠡᠶ᠋ᠢᠲᠡᠯᠡᠭᠰᠡᠨ ᠴᠠᠭ᠄   2024-06-21

     ᠤᠷᠠᠳᠴᠤᠳ᠎ᠤᠨ ᠤᠷᠤᠰᠢᠭᠤᠯᠭ᠎ᠠ ᠵᠢᠨ ᠶᠤᠰᠤ ᠵᠠᠩᠰᠢᠯ ᠲᠦᠢ᠍ᠯ᠎ᠤᠨ ᠲᠦᠬᠦᠮ ᠲᠦᠲᠡ᠂ ᠪᠤᠯᠪᠠᠰᠤᠨ᠂ ᠪᠤᠷᠤᠭᠵᠢᠭᠤᠨ᠂ ᠪᠦᠷᠢᠯᠭᠡᠨ ᠰᠦᠢ᠍ᠳᠭᠡᠬᠦ ᠦᠬᠡᠢ ᠵᠢᠷᠤᠮ ᠶᠤᠰᠤ᠎ᠲᠠᠢ ᠪᠠᠶ᠋ᠢᠳᠠᠭ᠃ ᠦᠨᠳᠦᠰᠦᠨ᠎ᠳᠤ᠎ᠪᠠᠨ ᠬᠡᠭᠦᠷ ᠴᠢᠨᠳᠠᠷ ᠬᠠᠳᠠᠭ᠋ᠠᠯᠠᠬᠤ ᠦᠬᠡᠢ᠂ ᠶᠡᠭᠡ᠎ᠪᠠᠷ ᠲᠠᠬᠢᠯ ᠰᠢᠳᠤᠯᠭᠡ ᠲᠠᠯᠪᠢᠬᠤ ᠦᠬᠡᠢ᠂ ᠪᠡᠯᠪᠡᠰᠦᠷᠡᠯ᠎ᠤᠨ ᠬᠤᠪᠴᠠᠰᠤ ᠡᠮᠦᠰᠬᠦ ᠦᠬᠡᠢ᠂ ᠴᠠᠭ᠋ᠠᠰᠤᠨ ᠵᠤᠭᠤᠰ ᠰᠢᠳᠠᠭ᠋ᠠᠬᠤ ᠦᠬᠡᠢ᠂ ᠭᠠᠰᠢᠭᠤᠳᠠᠯ᠎ᠤᠨ ᠬᠦᠭᠵᠢᠮ ᠠᠶᠠᠯᠭᠤ ᠲᠠᠯᠪᠢᠳᠠᠭ ᠦᠭᠡᠢ᠃ ᠬᠡᠳᠡᠯ᠎ᠡ ᠰᠢᠷ᠎ᠠ ᠵᠢᠨ ᠱᠠᠰᠢᠨ ᠰᠢᠳᠤᠵᠤ ᠪᠠᠶ᠋ᠢᠭᠰᠠᠨ ᠲᠡᠷᠡ ᠡᠷᠢᠨ᠎ᠳᠤ ᠡᠷᠬᠢᠮ ᠢᠵᠠᠭᠤᠷᠲᠠᠨ᠂ ᠡᠭᠡᠯ ᠲᠤᠤᠷᠠᠳᠤ᠂ ᠪᠠᠶᠠᠨ ᠶᠠᠳᠠᠭᠤ ᠭᠡᠵᠤ ᠢᠯᠭ᠋ᠠᠯ ᠦᠭᠡᠢ ᠭᠡᠬᠦᠷ ᠴᠢᠨᠳᠠᠷ ᠤᠷᠤᠰᠢᠭᠤᠯᠬᠤ᠎ᠳᠤ᠎ᠪᠠᠨ ᠪᠦᠷ ᠯᠠᠮ᠎ᠠ ᠬᠤᠸᠠᠷᠠᠭ ᠵᠠᠯᠠᠵᠤ ᠨᠤᠮ ᠬᠦᠷᠢᠮ ᠤᠩᠰᠢᠭᠤᠯᠵᠤ ᠬᠤᠶ᠋ᠢᠰᠢᠲᠠ ᠵᠢᠨ ᠬᠡᠰᠢᠭ ᠪᠤᠶᠠᠨ᠂ ᠰᠦᠨᠡᠰᠦ ᠵᠢ᠎ᠨᠢ ᠢᠷᠦᠭᠡᠨ ᠲᠠᠭ᠋ᠠᠳᠬᠠᠵᠤ ᠬᠦᠳᠡᠭᠡᠯᠡᠬᠦ᠂ ᠬᠠᠶ᠋ᠢᠯᠤᠭᠤᠯᠬᠤ᠂ ᠪᠤᠯᠠᠰᠢᠯᠠᠬᠤ ᠵᠡᠷᠭᠡ ᠭᠤᠷᠪᠠᠨ ᠠᠷᠭ᠎ᠠ᠎ᠪᠠᠷ ᠤᠷᠤᠰᠢᠭᠤᠯᠳᠠᠭ᠃
     1᠂ ᠬᠦᠳᠡᠭᠡᠯᠡᠬᠦ — ᠪᠤᠯ ᠤᠷᠠᠳᠴᠤᠳ᠎ᠤᠨ ᠲᠤᠮᠲᠠ ᠲᠦᠭᠡᠮᠡᠯ ᠤᠷᠤᠰᠢᠵᠤ ᠪᠠᠶ᠋ᠢᠭᠰᠠᠨ ᠦᠷᠬᠦᠯᠵᠢ ᠬᠡᠷᠡᠭᠯᠡᠭᠳᠡᠬᠦ ᠭᠤᠤᠯ ᠤᠷᠤᠰᠢᠭᠤᠯᠭ᠎ᠠ ᠵᠢᠨ ᠠᠷᠭ᠎ᠠ ᠪᠠᠷᠢᠯ ᠪᠤᠯᠵᠤ ᠪᠠᠶ᠋ᠢᠵᠠᠢ᠃ ᠤᠷᠠᠳᠴᠤᠳ ᠬᠦᠮᠦᠨ ᠲᠠᠭ᠋ᠠᠯᠠᠯ ᠪᠤᠯᠤᠮᠠᠭᠴᠠ ᠠᠮᠠᠨ᠎ᠳᠤ᠎ᠨᠢ ᠠᠯᠲᠠ ᠮᠦᠩᠭᠦ ᠱ᠌ᠢᠷᠦ ᠰᠤᠪᠤᠳ ᠡᠷᠳᠡᠨᠢ ᠵᠢᠨ ᠵᠦᠢ᠍ᠯ᠎ᠠᠴᠠ ᠵᠠᠭᠤᠯᠭ᠋ᠠᠵᠤ᠂ ᠨᠢᠭᠤᠷ᠎ᠢ᠎ᠨᠢ ᠴᠠᠭ᠋ᠠᠨ ᠦᠩᠭᠡᠲᠡᠢ ᠬᠠᠳᠠᠭ ᠪᠤᠶᠤ ᠪᠦᠰ ᠵᠶ᠋ᠠᠷ ᠪᠦᠳᠡᠭᠡᠵᠤ ᠭᠤᠳᠤᠯ᠎ᠤᠨ ᠤᠯᠠ᠎ᠳᠤ᠎ᠨᠢ ᠲᠡᠮᠳᠡᠭ ᠦᠬᠡᠢ ᠴᠤᠯ ᠴᠠᠭ᠋ᠠᠨ ᠮᠤᠳᠤᠤ ᠴᠠᠭ᠋ᠠᠰᠤ ᠨᠠᠭ᠋ᠠᠵᠤ ᠪᠦᠬᠦ ᠪᠡᠶ᠎ᠡ ᠵᠢ᠎ᠨᠢ ᠴᠠᠭ᠋ᠠᠨ ᠪᠦᠰ ᠡᠰᠡᠭᠦᠯ᠎ᠡ ᠲᠠᠩ ᠲᠠᠪᠬᠤᠷ ᠲᠤᠪᠴᠢ ᠰᠢᠯᠪᠢ ᠦᠬᠡᠢ ᠲᠡᠷᠯᠢᠭ ᠡᠮᠦᠰᠦᠬᠦᠯᠬᠦ ᠪᠠ ᠤᠷᠢᠶᠠᠵᠤ ᠤᠷᠤᠰᠢᠭᠤᠯᠳᠠᠭ᠃ ᠭᠡᠬᠦ᠎ᠳᠤ᠎ᠪᠠᠨ ᠠᠶ᠋ᠢᠯ᠎ᠤᠨ ᠵᠠᠬ᠎ᠠ ᠵᠠᠮ᠎ᠠᠴᠠ ᠵᠠᠶ᠋ᠢᠲᠠᠢ ᠬᠦᠳᠡᠭᠡ ᠭᠡᠭᠡᠷ᠎ᠡ ᠭᠠᠵᠠᠷ ᠠᠪᠠᠴᠢᠵᠤ ᠲᠠᠯᠪᠢᠭ᠋ᠠᠳ ᠵᠡᠷᠯᠢᠭ ᠠᠷᠢᠶᠠᠳᠠᠨ ᠰᠢᠪᠠᠭᠤᠳ᠎ᠤᠨ ᠦᠭᠶᠦᠭᠡ ᠪᠤᠯᠭ᠋ᠠᠳᠠᠭ ᠶᠤᠮ᠃ ᠲᠠᠭ᠋ᠠᠯᠠᠯ ᠪᠤᠯᠤᠭᠰᠠᠨ ᠬᠦᠮᠦᠨ᠎ᠢ ᠬᠦᠳᠡᠭᠡᠯᠡᠬᠦ᠎ᠳᠤ᠎ᠪᠠᠨ ᠦᠬᠡᠷ ᠬᠦᠯᠦᠭᠰᠡᠨ ᠲᠡᠷᠭᠡ᠎ᠪᠠᠷ ᠲᠡᠭᠡᠭᠡᠳᠡᠭ ᠦᠭᠡᠢ᠃ ᠲᠡᠷᠡ᠎ᠨᠢ 《ᠦᠬᠦᠯ᠎ᠤᠨ ᠮᠠᠭᠤ᠎ᠪᠠᠷ ᠦᠬᠦᠵᠤ ᠦᠬᠡᠷ ᠲᠡᠷᠭᠡ᠎ᠪᠠᠷ ᠲᠡᠭᠡᠭᠡᠯᠭᠡᠨ᠎ᠡ》 ᠭᠡᠰᠡᠨ ᠮᠤᠩᠭᠤᠯᠴᠤᠳ᠎ᠤᠨ ᠬᠠᠭᠤᠴᠢ ᠰᠡᠴᠡᠨ ᠦᠭᠡᠨ᠎ᠠᠴᠠ ᠪᠤᠯᠤᠭᠰᠠᠨ ᠴᠡᠭᠡᠷ ᠬᠤᠷᠢᠭ᠎ᠠ ᠶᠤᠮ᠃ ᠬᠠᠤᠯᠢ ᠴᠠᠭ᠋ᠠᠵᠠ᠎ᠠᠴᠠ ᠵᠦᠷᠢᠴᠡᠵᠤ ᠴᠠᠭ᠋ᠠᠵᠠᠯᠠᠭᠳᠠᠭᠰᠠᠳ᠎ᠤᠨ ᠬᠡᠬᠦᠷ᠎ᠢ ᠦᠬᠡᠷ ᠲᠡᠷᠬᠡ᠎ᠪᠠᠷ ᠲᠡᠭᠡᠭᠡᠵᠤ ᠪᠠᠶ᠋ᠢᠭᠰᠠᠨ ᠬᠡᠳᠡᠭ᠃ ᠤᠷᠤᠰᠢᠭᠤᠯᠭ᠎ᠠ ᠵᠢᠨ ᠭᠠᠵᠠᠷ ᠤᠶ᠋ᠢᠷ᠎ᠠ ᠪᠤᠯ ᠵᠠᠪᠠᠯ ᠦᠷ᠎ᠡ ᠬᠡᠤᠬᠡᠳ᠂ ᠲᠦᠷᠦᠯ ᠰᠠᠳᠤᠨ᠎ᠨᠢ ᠬᠠᠨ᠎ᠠ ᠪᠤᠶᠤ ᠶᠠᠮᠠᠷ ᠨᠢᠭᠡᠨ ᠬᠦᠩᠭᠡᠨ ᠬᠠᠳᠠᠭᠤᠯᠢᠭ ᠪᠤᠳᠠᠰ ᠲᠡᠭᠡᠷ᠎ᠡ ᠲᠠᠯᠪᠢᠭ᠋ᠠᠳ ᠬᠦᠯ᠎ᠢ᠎ᠨᠢ ᠤᠴᠢᠬᠤ ᠵᠦᠭ ᠦᠭᠡᠳᠡ ᠴᠢᠭᠯᠡᠬᠦᠯᠵᠤ ᠭᠠᠵᠠᠷ ᠲᠠᠯᠪᠢᠵᠤ ᠠᠮᠠᠷᠠᠬᠤ ᠦᠬᠡᠢ᠎ᠪᠠᠷ ᠡᠬᠡᠯᠵᠢᠯᠡᠨ ᠰᠤᠯᠢᠨ ᠲᠠᠮᠨᠠᠵᠤ ᠠᠪᠠᠴᠠᠭ᠋ᠠᠳ ᠬᠦᠳᠡᠭᠡ ᠬᠡᠪᠲᠡᠨ ᠤᠨᠲᠠᠵᠤ ᠪᠠᠶ᠋ᠢᠬᠤ ᠰᠢᠭ ᠲᠤᠯᠤᠭ᠋ᠠᠢ ᠵᠢ᠎ᠨᠢ ᠤᠮᠠᠷ᠎ᠠ ᠵᠦᠭ᠎ᠲᠤ ᠴᠢᠭᠯᠡᠬᠦᠯᠦᠨ ᠲᠠᠯᠪᠢᠳᠠᠭ ᠪᠠᠶ᠋ᠢᠭᠰᠠᠨ ᠶᠤᠮ᠃ ᠬᠦᠢ᠍ᠳᠡᠨ ᠰᠡᠷᠢᠬᠦᠨ ᠤᠯᠠᠷᠢᠯ ᠲᠤᠬᠢᠶᠠᠯᠳᠤᠪᠠᠯ ᠨᠤᠮᠤᠬᠠᠨ ᠲᠡᠮᠡᠭᠡ᠎ᠪᠠᠨ ᠬᠤᠮᠨᠤᠵᠤ᠂ ᠬᠤᠮ᠎ᠤᠨ ᠬᠤᠶᠠᠷ ᠲᠠᠯ᠎ᠠ᠎ᠳᠤ ᠰᠤᠮᠠᠯ᠎ᠳᠤ ᠬᠤᠨᠢ ᠢᠮᠠᠭ᠋ᠠᠨ᠎ᠤ ᠬᠠᠭᠤᠷᠠᠢ ᠬᠤᠷᠭᠤᠯ᠎ᠢ ᠲᠦᠬᠦᠷᠡᠩ ᠰᠠᠪᠠᠯᠠᠵᠤ᠂ ᠬᠤᠮ᠎ᠲᠠᠢ᠎ᠪᠠᠨ ᠲᠡᠭᠰᠢ ᠰᠠᠶ᠋ᠢᠬᠠᠨ ᠲᠡᠩᠴᠡᠬᠦᠯᠦᠨ ᠠᠴᠢᠭ᠋ᠠᠳ ᠲᠠᠭ᠋ᠠᠯᠠᠯ ᠪᠤᠯᠤᠭᠰᠠᠨ ᠬᠦᠮᠦᠨ᠎ᠤ ᠬᠡᠬᠦᠷ ᠵᠶ᠋ᠠᠨ ᠬᠦᠯ ᠲᠠᠯ᠎ᠠ ᠵᠢ᠎ᠨᠢ ᠲᠡᠮᠡᠭᠡᠨ᠎ᠤ ᠲᠤᠯᠤᠭ᠋ᠠᠢ ᠦᠭᠡᠲᠡ ᠴᠢᠭᠯᠡᠬᠦᠯᠦᠨ ᠬᠢᠯᠭ᠋ᠠᠰᠤ᠂ ᠲᠡᠮᠡᠭᠡᠨ ᠨᠤᠤᠰᠤ᠎ᠪᠠᠷ ᠲᠠᠮᠤᠭᠰᠠᠨ ᠲᠠᠳᠠᠯᠭ᠎ᠠ᠎ᠪᠠᠷ ᠬᠦᠳᠦᠯᠵᠤ ᠠᠯᠬᠤᠨ ᠶᠠᠪᠤᠵᠤ ᠬᠦᠳᠡᠭᠡᠯᠡᠳᠡᠭ ᠪᠠᠶ᠋ᠢᠭᠰᠠᠨ ᠪᠠᠶ᠋ᠢᠵᠠᠢ᠃
     2᠂ ᠬᠠᠶ᠋ᠢᠯᠤᠭᠤᠯᠬᠤ — ᠡᠨᠡ᠎ᠨᠢ ᠤᠷᠠᠳᠴᠤᠳ᠎ᠤᠨ ᠪᠠᠰᠠ ᠨᠢᠭᠡᠨ ᠤᠷᠤᠰᠢᠭᠤᠯᠬᠤ ᠴᠡᠪᠡᠷ ᠠᠷᠢᠭᠤᠨ᠂ ᠪᠤᠬᠢᠷᠳᠤᠯ ᠦᠭᠡᠢ ᠪᠤᠯᠪᠠᠰᠤᠨ ᠠᠷᠭ᠎ᠠ ᠶᠤᠮ᠃ ᠬᠠᠶ᠋ᠢᠯᠤᠭᠤᠯᠬᠤ ᠠᠷᠭ᠎ᠠ᠎ᠨᠢ ᠤᠯᠠᠩᠬᠢ᠎ᠳᠤ᠎ᠪᠠᠨ ᠡᠷᠬᠢᠮ ᠢᠵᠠᠭᠤᠷᠲᠠᠨ᠂ ᠪᠠᠶᠠᠳ ᠨᠤᠶᠠᠳ ᠬᠡᠷᠡᠭᠯᠡᠵᠤ ᠪᠠᠶ᠋ᠢᠵᠠᠢ᠃ ᠬᠠᠷᠠᠴᠤ ᠶᠠᠳᠠᠭᠤ ᠠᠷᠠᠳ ᠬᠡᠷᠡᠭᠯᠡᠵᠤ ᠪᠠᠶ᠋ᠢᠭᠰᠠᠨ ᠪᠤᠯᠪᠠᠴᠤ᠂ ᠬᠠᠯᠳᠠᠪᠤᠷᠢᠳᠤ ᠡᠪᠡᠳᠴᠢᠨ ᠬᠢᠵᠢᠭ᠂ ᠡᠮᠡᠭᠲᠠᠢ ᠵᠢᠨ ᠡᠪᠡᠳᠴᠢᠨ᠂ ᠨᠢᠷᠠᠶ᠋ᠢᠯᠠᠬᠤ᠎ᠠᠴᠠ ᠰᠢᠯᠳᠠᠵᠤ ᠦᠬᠦᠭᠰᠡᠨ ᠵᠠᠯᠠᠭᠤ ᠪᠠᠭ᠎ᠠ ᠨᠠᠰᠤᠨ᠎ᠤ ᠬᠦᠮᠦᠨ᠎ᠢ ᠵᠦᠢ ᠪᠤᠰᠤ ᠵᠢᠨ ᠦᠬᠦᠯ ᠬᠡᠵᠤ ᠰᠢᠳᠠᠭ᠋ᠠᠵᠤ ᠬᠠᠶ᠋ᠢᠯᠤᠭᠤᠯᠬᠤ ᠠᠷᠭ᠎ᠠ ᠬᠡᠷᠡᠭᠯᠡᠵᠤ ᠪᠠᠶ᠋ᠢᠭᠰᠠᠨ ᠶᠤᠮ᠃ ᠬᠠᠶ᠋ᠢᠯᠤᠭᠤᠯᠬᠤ ᠭᠠᠵᠠᠷ ᠰᠤᠩᠭᠤᠬᠤ᠎ᠳᠤ᠎ᠪᠠᠨ ᠲᠠᠭ᠋ᠠᠯᠠᠯ ᠪᠤᠯᠤᠭᠰᠠᠨ ᠬᠦᠮᠦᠨ᠎ᠤ ᠭᠡᠷ᠎ᠠᠴᠠ ᠤᠶ᠋ᠢᠷ᠎ᠠ ᠬᠦᠮᠦᠨ ᠮᠠᠯ ᠤᠴᠢᠳᠠᠭ ᠦᠬᠡᠢ ᠡᠪᠡᠰᠤ ᠤᠷᠭᠤᠮᠠᠯ ᠲᠠᠴᠢᠷ ᠨᠢᠮᠬᠡᠨ ᠵᠢᠭ᠋ᠠᠬᠠᠨ ᠲᠠᠯᠠᠪᠠᠢ᠎ᠲᠠᠢ ᠭᠠᠵᠠᠷ ᠮᠤᠳᠤ ᠲᠦᠯᠡᠭᠡ᠎ᠪᠠᠷ ᠰᠢᠲᠠᠭ᠋ᠠᠨ ᠬᠠᠶ᠋ᠢᠯᠤᠭᠤᠯᠳᠠᠭ᠃ ᠬᠠᠶ᠋ᠢᠯᠤᠭᠤᠯᠬᠤ ᠠᠷᠭ᠎ᠠ᠎ᠨᠢ ᠲᠦᠯᠡᠭᠡ ᠮᠤᠳᠤ᠂ ᠬᠦᠷᠵᠡᠩ ᠠᠷᠭ᠋ᠠᠯ ᠵᠡᠷᠭᠡ ᠲᠦᠯᠡᠰᠢ ᠲᠡᠭᠰᠢ ᠰᠠᠶ᠋ᠢᠬᠠᠨ ᠤᠪᠤᠭ᠋ᠠᠯᠠᠵᠤ ᠪᠤᠰᠬᠠᠭ᠋ᠠᠳ᠂ ᠲᠡᠭᠡᠷ᠎ᠡ᠎ᠨᠢ ᠲᠠᠭ᠋ᠠᠯᠠᠯ ᠪᠤᠯᠤᠭᠰᠠᠨ ᠬᠦᠮᠦᠨ᠎ᠤ ᠬᠡᠬᠦᠷ ᠵᠶ᠋ᠠᠨ ᠡᠯᠢᠭᠡᠨ ᠲᠠᠯ᠎ᠠ ᠵᠢ ᠤᠷᠤᠭᠤ ᠬᠠᠨᠳᠤᠭᠤᠯᠤᠨ ᠲᠠᠯᠪᠢᠵᠤ ᠲᠤᠤᠷ᠎ᠠ᠎ᠠᠴᠠ᠎ᠨᠢ ᠭᠠᠯ ᠨᠤᠴᠤᠭ᠋ᠠᠨ ᠬᠦᠭᠵᠢᠭᠡᠵᠤ ᠲᠡᠷᠡ ᠬᠡᠰᠡᠭ ᠲᠦᠯᠡᠰᠢ᠎ᠪᠠᠷ ᠵᠶ᠋ᠠᠨ ᠰᠢᠲᠠᠭ᠋ᠠᠵᠤ ᠪᠠᠷᠠᠭ᠋ᠠᠬᠤ ᠠᠷᠭ᠎ᠠ ᠬᠡᠮᠵᠢᠶ᠎ᠡ ᠠᠪᠳᠠᠭ᠃ ᠰᠢᠲᠠᠭ᠋ᠠᠭᠰᠠᠨ ᠲᠠᠷᠠᠭ᠎ᠠ ᠭᠤᠷᠪᠠᠳᠤᠭ᠋ᠠᠷ ᠡᠳᠦᠷ᠎ᠲᠤ᠎ᠨᠢ ᠴᠢᠨᠳᠠᠷ ᠶᠠᠰᠤ ᠵᠢ ᠲᠡᠬᠦᠵᠤ ᠠᠪᠤᠭ᠋ᠠᠳ ᠦᠨᠳᠦᠷᠯᠢᠭ ᠠᠭᠤᠯᠠ ᠬᠠᠶ᠋ᠢᠷᠬᠠᠨ ᠲᠤᠮᠳᠠᠬᠢ ᠡᠪᠡᠰᠤ ᠤᠷᠭᠤᠮᠠᠯ ᠰᠠᠬᠤᠯᠢᠭ ᠡᠰᠡᠬᠦᠯ᠎ᠡ ᠲᠠᠭ᠋ᠠᠯᠠᠯ ᠪᠤᠯᠤᠭᠰᠠᠨ ᠬᠦᠮᠦᠨ᠎ᠤ ᠲᠠᠭ᠋ᠠᠰᠢᠶᠠᠨ ᠪᠢᠰᠢᠷᠡᠳᠡᠭ ᠭᠠᠵᠠᠷ᠎ᠲᠤ ᠴᠢᠨᠳᠠᠷ᠎ᠢ ᠰᠠᠴᠤᠨ ᠤᠷᠤᠰᠢᠭᠤᠯᠳᠠᠭ ᠵᠠᠩᠰᠢᠯ᠎ᠲᠠᠢ ᠪᠠᠶ᠋ᠢᠭᠰᠠᠨ ᠶᠤᠮ᠃ ᠡᠷᠬᠢᠮ ᠢᠵᠠᠭᠤᠷᠲᠠᠨ᠂ ᠪᠠᠶᠠᠳ ᠨᠤᠶᠠᠳ᠂ ᠯᠠᠮ᠎ᠠ ᠬᠤᠸᠠᠷᠠᠭ ᠪᠤᠯ ᠴᠢᠨᠳᠠᠷ ᠵᠶ᠋ᠠᠨ ᠲᠡᠬᠦᠵᠤ ᠠᠪᠤᠭ᠋ᠠᠳ ᠰᠦᠮ᠎ᠡ᠎ᠳᠠᠬᠢ ᠡᠷᠳᠡᠨᠢ ᠵᠢᠨ ᠰᠤᠪᠤᠷᠭ᠎ᠠ᠎ᠳᠤ ᠬᠠᠳᠠᠭ᠋ᠠᠯᠠᠬᠤ ᠪᠤᠶᠤ ᠰᠦᠮ᠎ᠡ ᠬᠡᠶ᠋ᠢᠳ᠎ᠤᠨ ᠤᠶ᠋ᠢᠷ᠎ᠠ ᠤᠷᠴᠢᠮ ᠠᠪᠠᠴᠢᠵᠤ ᠰᠠᠴᠤᠭ᠋ᠠᠳ ᠲᠠᠷᠠᠭ᠎ᠠ ᠲᠦᠷᠦᠯ᠎ᠳᠤ᠎ᠪᠠᠨ ᠪᠤᠷᠬᠠᠨ᠎ᠤ ᠲᠦᠷᠦᠯ ᠤᠯᠬᠤ ᠵᠢ ᠵᠦᠩᠨᠡᠨ ᠪᠡᠯᠭᠡᠳᠡᠳᠡᠭ ᠵᠠᠩ ᠵᠠᠩᠰᠢᠯ ᠴᠦ᠍ ᠪᠠᠶ᠋ᠢᠭᠰᠠᠨ ᠶᠤᠮ᠃
     3᠂ ᠪᠤᠯᠠᠰᠢᠯᠠᠬᠤ — ᠪᠠᠰᠠ ᠠᠪᠰᠠᠯᠠᠵᠤ ᠪᠤᠯᠠᠰᠢᠯᠠᠬᠤ ᠬᠡᠵᠤ ᠨᠡᠷᠡᠯᠡᠳᠡᠭ᠃ ᠡᠶ᠋ᠢᠮᠦᠷᠬᠦᠦ ᠤᠷᠤᠰᠢᠭᠤᠯᠭ᠎ᠠ ᠵᠢ ᠭᠤᠤᠯᠳᠠᠭᠤ ᠡᠷᠬᠢᠮ ᠢᠵᠠᠭᠤᠷᠲᠠᠨ᠂ ᠪᠠᠶᠠᠴᠤᠳ᠂ ᠯᠠᠮ᠎ᠠ ᠬᠤᠸᠠᠷᠠᠭ᠎ᠲᠤ ᠬᠡᠷᠡᠭᠯᠡᠵᠤ ᠪᠠᠶ᠋ᠢᠭᠰᠠᠨ ᠶᠤᠮ᠃ ᠬᠦᠮᠦᠨ ᠲᠠᠭ᠋ᠠᠯᠠᠯ ᠪᠤᠯᠪᠠᠯ ᠭᠡᠷ᠎ᠤᠨ ᠬᠦᠮᠦᠰ᠎ᠨᠢ ᠲᠡᠷᠡ ᠲᠠᠷᠤᠢ᠎ᠳᠤ᠎ᠨᠢ ᠲᠠᠭ᠋ᠠᠯᠠᠯ ᠪᠤᠯᠤᠭᠰᠠᠨ ᠬᠦᠮᠦᠨ᠎ᠳᠤ᠎ᠪᠠᠨ ᠰᠢᠨ᠎ᠡ ᠬᠤᠪᠴᠠᠰᠤ ᠰᠤᠯᠢᠵᠤ ᠡᠮᠦᠰᠭᠡᠬᠦ ᠪᠤᠶᠤ ᠪᠡᠶ᠎ᠡ ᠵᠢ᠎ᠨᠢ ᠴᠠᠭ᠋ᠠᠨ ᠪᠤᠰ ᠵᠶ᠋ᠠᠷ ᠤᠷᠢᠶᠠᠭᠰᠠᠨ᠎ᠤ ᠰᠡᠭᠦᠯᠡᠷ ᠠᠪᠰᠠᠯᠠᠬᠤ᠎ᠳᠤ᠎ᠪᠠᠨ ᠲᠠᠭ᠋ᠠᠯᠠᠯ ᠪᠤᠯᠤᠭᠰᠠᠨ ᠬᠦᠮᠦᠨ᠎ᠤ ᠠᠮᠢᠳᠤ ᠰᠡᠷᠢᠬᠦᠨ ᠪᠠᠶ᠋ᠢᠬᠤ ᠦᠶ᠎ᠡ᠎ᠳᠤ᠎ᠪᠠᠨ ᠡᠳ᠋ᠯᠡᠵᠤ ᠬᠡᠷᠡᠭᠯᠡᠵᠤ ᠪᠠᠶ᠋ᠢᠭᠰᠠᠨ ᠬᠠᠶ᠋ᠢᠷᠠᠳᠠᠢ ᠬᠤᠪᠴᠠᠰᠤ ᠬᠤᠨᠠᠷ᠂ ᠮᠠᠯᠠᠭ᠋ᠠᠢ᠂ ᠬᠦᠬᠦᠷ᠂ ᠬᠡᠳᠡ ᠬᠢᠳᠤᠭ᠎ᠠ᠂ ᠠᠶᠠᠭ᠎ᠠ ᠮᠡᠳᠤ ᠡᠮᠦᠰᠭᠡᠯ᠂ ᠡᠳ᠋ᠯᠡᠬᠦᠨ᠎ᠢ ᠬᠡᠪᠲᠡᠭᠡ ᠪᠠ ᠰᠠᠭᠤᠭ᠎ᠠ ᠠᠪᠰᠠᠨ᠎ᠳᠤ᠎ᠨᠢ ᠬᠠᠮᠳᠤ ᠠᠪᠰᠠᠯᠠᠭ᠋ᠠᠳ ᠨᠦᠭᠡ ᠮᠠᠯᠳᠠᠵᠤ ᠰᠢᠷᠤᠢ᠎ᠪᠠᠷ ᠪᠤᠯᠠᠰᠢᠯᠠᠳᠠᠭ᠃ ᠵᠠᠷᠢᠮ᠎ᠨᠢ ᠪᠠᠰᠠ ᠭᠠᠵᠠᠷ᠎ᠤᠨ ᠬᠦᠷᠦᠰᠦᠨ ᠲᠡᠭᠡᠷ᠎ᠡ ᠢᠯᠡ ᠤᠷᠤᠰᠢᠭᠤᠯᠵᠤ᠂ ᠠᠭᠤᠯᠠ ᠬᠠᠳᠠ᠎ᠲᠠᠢ ᠭᠠᠵᠠᠷ ᠪᠤᠯ ᠴᠢᠯᠠᠭᠤ᠎ᠪᠠᠷ ᠤᠩᠭᠤᠨ ᠤᠪᠤᠭ᠎ᠠ ᠪᠤᠰᠬᠠᠳᠠᠭ ᠵᠠᠩᠰᠢᠯ ᠴᠦ᠍ ᠰᠡᠬᠦᠯ᠎ᠤᠨ ᠦᠶ᠎ᠡ ᠦᠵᠡᠭᠳᠡᠵᠤ ᠪᠠᠶ᠋ᠢᠭᠰᠠᠨ ᠶᠤᠮ᠃ ᠤᠷᠠᠳᠴᠤᠳ᠎ᠤᠨ ᠲᠤᠮᠳᠠ ᠬᠡᠬᠦᠷ ᠤᠷᠤᠰᠢᠭᠤᠯᠭ᠎ᠠ᠎ᠲᠠᠢ ᠬᠤᠯᠪᠤᠭᠳᠠᠭᠰᠠᠨ ᠮᠠᠰᠢ ᠤᠯᠠᠨ ᠪᠤᠷᠤᠭᠵᠢᠭᠤᠨ ᠪᠤᠯᠪᠠᠰᠤᠨ ᠦᠪᠡᠷᠮᠢᠴᠡ ᠤᠨᠴᠠᠯᠢᠭ ᠬᠠᠳᠠᠭ᠋ᠠᠯᠠᠭᠳᠠᠭᠰᠠᠨ ᠵᠠᠩ ᠵᠠᠩᠰᠢᠯ᠂ ᠴᠡᠭᠡᠷ ᠶᠤᠰᠤ᠎ᠨᠤᠭᠤᠳ ᠪᠠᠶ᠋ᠢᠳᠠᠭ᠃ ᠬᠡᠳᠤ ᠵᠢ ᠲᠦᠬᠦᠮ ᠲᠤᠷᠠᠳᠪᠠᠯ᠄ ᠤᠷᠠᠳᠴᠤᠳ ᠲᠠᠭ᠋ᠠᠯᠠᠯ ᠪᠤᠯᠤᠭ᠋ᠠᠳ ᠤᠷᠤᠰᠢᠭᠤᠯᠤᠭᠰᠠᠨ ᠦᠬᠡᠢ ᠲᠠᠯᠪᠢᠵᠤ ᠪᠠᠶ᠋ᠢᠭ᠎ᠠ ᠬᠦᠮᠦᠨ᠎ᠤ ᠭᠡᠷ᠎ᠤᠨ ᠡᠷᠤᠬᠡ᠎ᠪᠠᠨ ᠡᠳᠦᠷ ᠵᠶ᠋ᠠᠷ ᠪᠤᠯᠤᠭᠰᠠᠨ ᠴᠦ᠍ ᠬᠠᠭ᠋ᠠᠰ ᠪᠦᠳᠡᠭᠡᠵᠤ ᠪᠠᠶ᠋ᠢᠳᠠᠭ᠃ ᠲᠡᠷᠡ᠎ᠨᠢ ᠡᠨᠡ ᠠᠶ᠋ᠢᠯ᠎ᠳᠤ ᠬᠦᠮᠦᠨ ᠲᠠᠭ᠋ᠠᠯᠠᠯ ᠪᠤᠯᠤᠭ᠋ᠠᠳ ᠪᠠᠶ᠋ᠢᠨ᠎ᠠ ᠭᠡᠰᠡᠨ ᠲᠡᠮᠳᠡᠭ ᠲᠤᠬᠢᠶ᠎ᠠ ᠪᠤᠯᠵᠤ᠂ ᠵᠠᠮ᠎ᠤᠨ ᠬᠦᠮᠦᠨ ᠢᠷᠡᠪᠡᠯ ᠪᠤᠰᠤᠳ ᠬᠡᠷ᠎ᠲᠤ ᠤᠷᠤᠬᠤ ᠪᠤᠶᠤ ᠭᠡᠷ᠎ᠤᠨ ᠭᠠᠳᠠᠨ᠎ᠠ ᠠᠭᠤᠯᠵᠠᠵᠤ ᠶᠠᠷᠢᠯᠴᠠᠨ ᠠᠵᠢᠯ ᠶᠠᠪᠤᠳᠠᠯ ᠵᠶ᠋ᠠᠨ ᠲᠦᠬᠦᠮ ᠶᠠᠷᠢᠯᠴᠠᠳᠠᠭ᠃ ᠲᠠᠭ᠋ᠠᠯᠠᠯ ᠪᠤᠯᠤᠭᠰᠠᠨ ᠬᠦᠮᠦᠨ᠎ᠤ ᠲᠦᠷᠦᠯ ᠰᠠᠳᠤᠨ᠂ ᠦᠷ᠎ᠡ ᠬᠡᠤᠬᠡᠳ᠂ ᠠᠨᠳᠠ ᠨᠠᠶ᠋ᠢᠵᠠ᠎ᠨᠢ ᠢᠷᠡᠵᠤ ᠡᠷᠬᠢᠨ ᠦᠵᠡᠪᠡᠰᠦ ᠤᠷᠢᠳ ᠵᠶ᠋ᠠᠷ ᠦᠭᠡᠷ᠎ᠡ ᠭᠡᠷ᠎ᠲᠤ ᠤᠷᠤᠵᠤ ᠴᠠᠢ ᠠᠮᠰᠠᠭᠰᠠᠨ᠎ᠤ ᠲᠠᠷᠠᠭ᠎ᠠ ᠰᠠᠶᠢ ᠬᠡᠷ᠎ᠤᠨ ᠬᠦᠮᠦᠨ᠎ᠤ ᠪᠠᠷ᠎ᠠ᠎ᠪᠠᠷ ᠲᠠᠭ᠋ᠠᠯᠠᠯ ᠪᠤᠯᠤᠭᠰᠠᠨ ᠬᠦᠮᠦᠨ᠎ᠤ ᠭᠡᠷ᠎ᠲᠤ ᠤᠷᠤᠵᠤ ᠵᠤᠯᠠ ᠬᠦᠵᠢ ᠠᠰᠠᠭ᠋ᠠᠨ ᠲᠠᠬᠢᠯᠭ᠎ᠠ ᠬᠠᠳᠠᠭ ᠵᠶ᠋ᠠᠨ ᠲᠠᠯᠪᠢᠵᠤ ᠮᠦᠷᠬᠦᠵᠤ ᠶᠤᠰᠤᠯᠠᠨ ᠪᠠᠷᠠᠯᠠᠳᠠᠭ ᠵᠠᠩᠰᠢᠯ᠎ᠲᠠᠢ ᠪᠠᠶ᠋ᠢᠳᠠᠭ᠃ ᠲᠠᠭ᠋ᠠᠯᠠᠯ ᠪᠤᠯᠤᠭᠰᠠᠨ ᠬᠦᠮᠦᠨ᠎ᠢ ᠶᠠᠮᠠᠷ ᠨᠢᠭᠡᠨ ᠬᠡᠯᠪᠡᠷᠢ᠎ᠪᠠᠷ ᠤᠷᠤᠰᠢᠭᠤᠯᠤᠭᠰᠠᠨ ᠴᠦ᠍ ᠭᠡᠷ᠎ᠠᠴᠠ ᠭᠠᠷᠭ᠋ᠠᠬᠤ᠎ᠳᠤ᠎ᠪᠠᠨ ᠡᠬᠦᠳᠡ᠎ᠪᠠᠨ ᠰᠡᠬᠦᠵᠤ ᠭᠡᠷ ᠲᠡᠭᠡᠷ᠎ᠡ᠎ᠪᠠᠨ ᠲᠠᠯᠪᠢᠭ᠋ᠠᠳ ᠬᠤᠶᠠᠷ ᠬᠠᠳᠠᠪᠴᠢᠨ᠎ᠳᠤ᠎ᠪᠠᠨ ᠴᠠᠭ᠋ᠠᠨ ᠲᠡᠷᠡᠰᠤ ᠬᠦᠨᠳᠡᠯᠡᠨ ᠬᠠᠪᠴᠢᠭᠤᠯᠵᠤ᠂ ᠮᠤᠷᠳᠠᠬᠤ ᠬᠡᠵᠤ ᠪᠠᠶ᠋ᠢᠭ᠎ᠠ ᠬᠦᠮᠦᠨ ᠵᠶ᠋ᠠᠨ ᠬᠦᠯ ᠵᠶ᠋ᠠᠷ᠎ᠨᠢ ᠭᠠᠳᠠᠭᠰᠢ ᠭᠡᠷ᠎ᠠᠴᠠ ᠭᠠᠷᠭ᠋ᠠᠳᠠᠭ ᠵᠠᠩᠰᠢᠯ᠎ᠲᠠᠢ᠃ ᠲᠡᠬᠦᠨ᠎ᠢ᠎ᠪᠠᠨ ᠲᠠᠭ᠋ᠠᠯᠠᠯ ᠪᠤᠯᠤᠭᠰᠠᠨ ᠬᠦᠮᠦᠨ ᠵᠶ᠋ᠠᠨ ᠬᠦᠯ ᠵᠶ᠋ᠠᠷ᠎ᠨᠢ ᠶᠠᠪᠤᠭᠤᠯᠤᠨ ᠮᠤᠷᠳᠠᠭᠤᠯᠵᠤ ᠪᠠᠶ᠋ᠢᠨ᠎ᠠ ᠭᠡᠵᠤ ᠨᠡᠷᠡᠯᠡᠳᠡᠭ᠃ ᠨᠠᠰᠤᠲᠠᠶ᠋ᠢᠴᠤᠳ ᠨᠠᠰᠤᠨ ᠬᠠᠷᠠᠭ᠎ᠠ᠎ᠪᠠᠷ ᠲᠠᠭ᠋ᠠᠯᠠᠯ ᠪᠤᠯᠤᠭᠰᠠᠳ᠎ᠢ ᠤᠷᠤᠰᠢᠭᠤᠯᠬᠤ᠎ᠪᠠᠷ ᠭᠡᠷ᠎ᠠᠴᠠ ᠭᠠᠷᠭ᠋ᠠᠬᠤ᠎ᠳᠤ ᠪᠡᠷᠢ ᠪᠤᠯᠤᠭᠰᠠᠳ ᠲᠠᠬᠢᠯᠭ᠎ᠠ ᠵᠢᠨ ᠢᠳᠡᠭᠡᠨ᠎ᠠᠴᠠ᠎ᠪᠠᠨ ᠠᠪᠴᠤ ᠲᠠᠯᠠᠯᠭ᠎ᠠ ᠬᠤᠷᠦ᠋ᠢ᠍ᠯᠠᠵᠤ ᠠᠪᠳᠠᠭ᠃ ᠲᠠᠯᠠᠯᠭ᠎ᠠ ᠠᠪᠴᠤ ᠪᠠᠶ᠋ᠢᠭ᠎ᠠ ᠵᠢᠨ ᠦᠨᠳᠦᠰᠦᠨ ᠤᠳᠬ᠎ᠠ ᠠᠭᠤᠯᠭ᠎ᠠ᠎ᠨᠢ ᠲᠡᠭᠡᠳᠦᠰ ᠶᠡᠬᠡᠰ ᠵᠶ᠋ᠠᠨ ᠬᠦᠷᠦᠰᠦᠳᠦ ᠶᠢᠷᠲᠢᠨᠴᠤ᠎ᠠᠴᠠ ᠰᠠᠯᠤᠭᠰᠠᠨ᠎ᠤ ᠲᠠᠷᠠᠭ᠎ᠠ᠂ ᠦᠷ᠎ᠡ ᠬᠡᠤᠬᠡᠳ ᠪᠤᠯᠤᠭᠰᠠᠳ ᠴᠢᠨᠢ ᠠᠯᠳᠠᠷ ᠨᠡᠷ᠎ᠡ ᠵᠢ᠎ᠨᠢ ᠭᠤᠳᠤᠭ᠋ᠠᠬᠤ ᠦᠭᠡᠢ ᠰᠠᠶ᠋ᠢᠨ ᠰᠠᠶ᠋ᠢᠬᠠᠨ ᠠᠶ᠋ᠢᠯ ᠡᠷᠦᠬᠡ ᠪᠤᠯᠵᠤ᠂ ᠦᠷ᠎ᠡ ᠬᠡᠤᠬᠡᠳ ᠵᠶ᠋ᠠᠨ ᠬᠦᠮᠦᠵᠢᠬᠦᠯᠦᠨ ᠰᠤᠷᠭ᠋ᠠᠵᠤ ᠶᠠᠪᠤᠨ᠎ᠠ ᠬᠡᠰᠡᠨ ᠪᠠ ᠰᠦᠨᠡᠰᠦ᠎ᠨᠢ ᠲᠦᠷᠭᠡᠨ ᠬᠦᠮᠦᠨ᠎ᠤ ᠲᠦᠷᠦᠯ ᠤᠯᠬᠤ ᠵᠢ ᠵᠦᠩᠨᠡᠭᠰᠡᠨ ᠪᠡᠯᠭᠡᠳᠡᠯ᠎ᠤᠨ ᠵᠠᠩ ᠵᠠᠩᠰᠢᠯ ᠶᠤᠮ᠃ ᠤᠷᠠᠳᠴᠤᠳ ᠬᠦᠮᠦᠨ᠎ᠤ ᠬᠦᠴᠦᠨ᠂ ᠡᠳ᠋ ᠪᠤᠳᠠᠰ᠂ ᠴᠠᠭ᠎ᠢ ᠪᠦᠷᠢᠯᠭᠡᠬᠦ ᠦᠭᠡᠢ᠎ᠪᠠᠷ ᠵᠦᠪᠬᠡᠨ ᠦᠷ᠎ᠡ ᠬᠡᠤᠬᠡᠳ᠂ ᠲᠦᠷᠦᠯ ᠰᠠᠳᠤᠨ ᠪᠤᠯᠤᠨ ᠠᠨᠳᠠ ᠨᠠᠶ᠋ᠢᠵᠠ᠎ᠨᠢ ᠰᠠᠶ᠋ᠢᠨ ᠲᠤᠷ᠎ᠠ᠎ᠠᠴᠠ᠎ᠪᠠᠨ ᠢᠷᠡᠵᠤ ᠤᠷᠤᠯᠴᠠᠭ᠋ᠠᠳ ᠪᠡᠯᠪᠡᠰᠦᠷᠡᠯ ᠭᠠᠰᠢᠭᠤᠳᠠᠯ᠎ᠤᠨ ᠤᠷᠴᠢᠨ ᠠᠬᠤᠢ᠎ᠳᠤ ᠦᠭᠡ ᠲᠠᠭᠤᠨ ᠴᠦᠭᠡᠨ᠂ ᠨᠠᠮᠤᠭᠤᠬᠠᠨ ᠪᠠᠶ᠋ᠢᠳᠠᠯ ᠲᠤᠤᠷ᠎ᠠ ᠪᠤᠰᠢᠭᠤ ᠲᠦᠷᠭᠡᠨ ᠬᠦᠳᠡᠯᠦᠯᠴᠡᠨ ᠤᠷᠤᠰᠢᠭᠤᠯᠳᠠᠭ᠃ ᠠᠬᠠᠮᠠᠳ ᠨᠠᠰᠤᠲᠠᠶ᠋ᠢᠴᠤᠳ ᠲᠠᠭ᠋ᠠᠯᠠᠯ ᠪᠤᠯᠤᠭ᠋ᠠᠳ ᠬᠠᠷ᠎ᠠ ᠪᠠᠷᠢᠵᠤ ᠪᠠᠶ᠋ᠢᠬᠤ ᠬᠤᠭᠤᠴᠠᠭ᠋ᠠᠨ᠎ᠳᠤ ᠦᠭᠡ ᠵᠦᠷᠢᠯᠳᠦᠬᠦ ᠵᠢ ᠤᠨᠴᠠ ᠴᠡᠭᠡᠷᠯᠡᠵᠤ᠂ ᠬᠠᠷᠢᠯᠴᠠᠨ ᠨᠠᠶ᠋ᠢᠷ ᠲᠠᠯᠪᠢᠵᠤ᠂ ᠬᠠᠷᠢᠯᠴᠠᠨ ᠬᠠᠪᠰᠤᠷᠤᠯᠴᠠᠵᠤ ᠡᠶᠡᠯᠰᠡᠭ ᠨᠠᠶ᠋ᠢᠷᠠᠮᠳᠠᠭᠤ ᠪᠠᠶ᠋ᠢᠬᠤ᠎ᠪᠠᠨ ᠴᠢᠩᠭ᠎ᠠ ᠪᠠᠷᠢᠮᠳᠠᠯᠠᠵᠤ᠂ ᠭᠠᠰᠢᠭᠤᠳᠠᠯ ᠪᠡᠯᠪᠡᠰᠦᠷᠡᠯ᠎ᠤᠨ ᠡᠳᠦᠷ ᠬᠤᠭᠤᠴᠠᠭ᠎ᠠ᠎ᠪᠠᠨ ᠦᠩᠭᠡᠷᠡᠬᠦᠯᠳᠡᠭ ᠶᠤᠮ᠃
     ᠲᠠᠭ᠋ᠠᠯᠠᠯ ᠪᠤᠯᠤᠭᠰᠠᠨ ᠬᠦᠮᠦᠨ ᠵᠶ᠋ᠠᠨ ᠭᠤᠷᠪᠠᠨ ᠲᠤᠯᠤᠭ᠎ᠠ ᠬᠤᠷᠢᠨ ᠨᠢᠭᠡᠨ ᠡᠳᠤᠷ᠂ ᠲᠤᠯᠤᠭ᠋ᠠᠨ ᠲᠤᠯᠤᠭ᠎ᠠ ᠲᠦᠴᠢ ᠶᠢᠰᠦᠨ ᠡᠳᠦᠷ᠎ᠲᠤ᠎ᠨᠢ ᠲᠤᠰ ᠲᠤᠰ ᠬᠡᠩᠰᠢᠬᠦᠦ ᠰᠢᠲᠠᠭ᠋ᠠᠵᠤ ᠲᠠᠭ᠋ᠠᠯᠠᠯ ᠪᠤᠯᠤᠭᠰᠠᠨ ᠬᠦᠮᠦᠨ᠎ᠤ ᠬᠤᠶ᠋ᠢᠨ᠎ᠠ᠎ᠠᠴᠠ ᠮᠦᠷᠦᠭᠡᠳᠴᠤ ᠪᠠᠶ᠋ᠢᠭ᠎ᠠ ᠰᠡᠳᠬᠢᠯᠭᠡ᠎ᠪᠠᠨ ᠪᠤᠷᠤᠭᠵᠢᠭᠤᠨ ᠢᠯᠡᠳᠭᠡᠵᠤ᠂ ᠠᠬᠠᠮᠠᠳ ᠨᠠᠰᠤᠲᠠᠶ᠋ᠢᠴᠤᠳ ᠵᠶ᠋ᠠᠨ ᠬᠦᠨᠳᠤᠳᠭᠡᠵᠤ ᠦᠷ᠎ᠡ ᠠᠴᠢᠨᠠᠷ᠂ ᠬᠤᠶ᠋ᠢᠴᠢ ᠦᠶ᠎ᠡ ᠵᠢᠨ᠎ᠬᠢᠨ᠎ᠳᠤ᠎ᠪᠠᠨ ᠬᠦᠮᠦᠨ ᠪᠤᠯᠬᠤ ᠵᠢᠮ᠎ᠡ ᠶᠤᠰᠤ ᠵᠢᠭ᠋ᠠᠨ ᠰᠤᠷᠭ᠋ᠠᠵᠤ ᠬᠦᠮᠦᠵᠢᠬᠦᠯᠦᠨ ᠡᠵᠡᠮᠰᠢᠬᠦᠯᠳᠡᠭ ᠵᠠᠩᠰᠢᠯ᠎ᠲᠠᠢ ᠪᠠᠶ᠋ᠢᠳᠠᠭ᠃ ᠲᠠᠭ᠋ᠠᠯᠠᠯ ᠪᠤᠯᠤᠭᠰᠠᠨ ᠬᠦᠮᠦᠨ᠎ᠤ ᠬᠤᠶ᠋ᠢᠨ᠎ᠠ᠎ᠠᠴᠠ ᠦᠷ᠎ᠡ ᠠᠴᠢᠨᠠᠷ ᠪᠤᠯᠤᠭᠰᠠᠳ ᠬᠤᠷᠢᠨ ᠨᠢᠭᠡᠨ ᠡᠳᠦᠷ᠂ ᠲᠦᠴᠢ ᠶᠢᠰᠦᠨ ᠡᠳᠦᠷ᠂ ᠵᠠᠭᠤᠨ ᠡᠳᠤᠷ᠎ᠤᠨ ᠪᠡᠯᠪᠡᠰᠦᠷᠡᠯ ᠬᠢᠵᠤ 《ᠬᠠᠷ᠎ᠠ ᠪᠠᠷᠢᠳᠠᠭ》᠃ ᠬᠠᠷ᠎ᠠ ᠪᠠᠷᠢᠬᠤ ᠠᠷᠭ᠎ᠠ ᠬᠡᠯᠪᠡᠷᠢ᠎ᠨᠢ ᠪᠤᠰᠤᠳ᠎ᠲᠠᠢ ᠠᠮᠤᠷ ᠮᠡᠨᠳᠤ ᠰᠤᠯᠢᠯᠴᠠᠳᠠᠭ ᠦᠬᠡᠢ᠂ ᠬᠤᠷᠢᠮ ᠨᠠᠶ᠋ᠢᠷ᠎ᠲᠤ ᠤᠷᠤᠯᠴᠠᠳᠠᠭ ᠦᠬᠡᠢ᠂ ᠲᠠᠭᠤᠤ ᠲᠠᠭᠤᠯᠠᠵᠤ ᠨᠠᠭ᠋ᠠᠳᠤᠨ ᠴᠡᠩᠭᠡᠯᠳᠦᠬᠦ᠎ᠳᠤ ᠤᠷᠤᠯᠴᠠᠳᠠᠭ ᠦᠭᠡᠢ᠂ ᠬᠡᠶ᠋ᠢᠴᠢᠨ ᠵᠤᠴᠢᠳ ᠢᠷᠡᠭᠰᠡᠨ ᠴᠦ᠍ ᠬᠦᠭᠡᠷᠦᠯᠳᠤᠨ ᠨᠡᠷᠬᠢᠯᠳᠤᠳᠠᠭ ᠦᠬᠡᠢ᠂ ᠪᠤᠰᠤᠳ᠎ᠲᠤ ᠮᠠᠯ ᠤᠨᠤᠭ᠎ᠠ᠂ ᠮᠦᠩᠭᠦ ᠵᠤᠭᠤᠰ᠂ ᠡᠳ᠋ ᠡᠳ᠋ᠯᠡᠬᠦᠨ ᠵᠢᠭᠡᠯᠡᠬᠦᠯᠵᠤ ᠦᠭᠳᠡᠭ ᠦᠭᠡᠢ᠂ ᠠᠷᠢᠬᠢ ᠲᠠᠷᠠᠰᠤ ᠤᠤᠭᠤᠳᠠᠭ ᠦᠭᠡᠢ᠂ ᠦᠰᠦ ᠬᠡᠵᠢᠭᠡ᠎ᠪᠠᠨ ᠵᠠᠰᠠᠭᠤᠯᠳᠠᠭ ᠦᠬᠡᠢ᠂ ᠡᠮᠡᠭᠳᠠᠶ᠋ᠢᠴᠤᠳ ᠬᠡᠤᠬᠡᠨᠴᠤᠳ ᠲᠤᠯᠤᠭ᠋ᠠᠢ ᠵᠢᠨ ᠵᠠᠰᠠᠯ ᠵᠠᠬᠦᠰᠭᠡᠯ ᠵᠶ᠋ᠠᠨ ᠵᠡᠬᠦᠳᠡᠭ ᠦᠬᠡᠢ᠂ ᠡᠷᠡᠭᠲᠠᠶ᠋ᠢᠴᠤᠳ ᠮᠠᠯᠠᠭ᠋ᠠᠢ ᠵᠢᠩᠰᠡ᠎ᠪᠠᠨ ᠵᠡᠬᠦᠳᠡᠭ ᠦᠬᠡᠢ ᠪᠠᠶ᠋ᠢᠵᠤ᠂ ᠬᠠᠷ᠎ᠠ ᠲᠠᠶ᠋ᠢᠯᠤᠭᠰᠠᠨ ᠡᠳᠦᠷ᠎ᠠᠴᠠ ᠬᠤᠶ᠋ᠢᠰᠢ ᠰᠠᠶᠢ ᠮᠠᠯᠠᠭ᠋ᠠᠢ ᠵᠢᠩᠰᠡ᠂ ᠵᠠᠰᠠᠯ ᠵᠡᠬᠦᠰᠬᠡᠯ ᠵᠶ᠋ᠠᠨ ᠵᠡᠬᠦᠵᠤ ᠪᠤᠰᠤᠳ ᠬᠦᠮᠦᠨ᠎ᠲᠠᠢ ᠠᠮᠤᠷ ᠮᠠᠨᠳᠤ ᠰᠤᠯᠢᠯᠴᠠᠬᠤ ᠮᠡᠳᠦ᠎ᠪᠠᠷ ᠠᠯᠢᠪᠠ ᠴᠡᠭᠡᠷ ᠬᠤᠷᠢᠭ᠎ᠠ᠎ᠪᠠᠨ ᠲᠠᠶ᠋ᠢᠯᠳᠠᠭ ᠪᠤᠯᠪᠠᠰᠤᠨ ᠰᠠᠶ᠋ᠢᠬᠠᠨ ᠵᠠᠩ ᠲᠠᠳᠬᠠᠯ᠎ᠲᠠᠢ ᠪᠠᠶ᠋ᠢᠳᠠᠭ ᠶᠤᠮ᠃ ᠲᠠᠭ᠋ᠠᠯᠠᠯ ᠪᠤᠯᠤᠭᠰᠠᠨ ᠬᠦᠮᠦᠨ᠎ᠤ ᠦᠷ᠎ᠡ ᠠᠴᠢᠨᠠᠷ ᠪᠦᠬᠦᠯᠢ ᠵᠢᠯ᠎ᠤᠨ ᠲᠤᠳᠤᠷ᠎ᠠ ᠤᠷᠤᠭ ᠬᠤᠷᠢᠮ ᠬᠢᠬᠦ ᠦᠭᠡᠢ᠎ᠪᠠᠷ ᠪᠡᠯᠪᠡᠰᠦᠷᠡᠯ ᠭᠠᠰᠢᠭᠤᠳᠠᠯ᠎ᠤᠨ ᠴᠠᠭ ᠬᠤᠭᠤᠴᠠᠭ᠎ᠠ᠎ᠪᠠᠨ ᠦᠩᠭᠡᠷᠡᠭᠡᠨ ᠬᠦᠢ᠍ᠴᠡᠳᠭᠡᠵᠤ᠂ ᠠᠬᠠᠮᠠᠳ ᠲᠤᠮᠤᠭ᠋ᠠᠳᠠᠳ ᠵᠶ᠋ᠠᠨ ᠬᠦᠨᠳᠤᠳᠭᠡᠨ ᠠᠴᠢᠯᠠᠯ ᠶᠤᠰᠤ ᠵᠢᠷᠤᠮ᠎ᠢ ᠬᠦᠢ᠍ᠴᠡᠳᠭᠡᠳᠡᠭ ᠡᠷᠬᠢᠮ ᠨᠠᠨᠳᠢᠨ ᠰᠤᠷᠲᠠᠯ᠎ᠢ ᠪᠠᠷᠢᠮᠳᠠᠯᠠᠵᠤ ᠪᠠᠶ᠋ᠢᠭᠰᠠᠨ ᠶᠤᠮ᠃ ᠤᠷᠠᠳᠴᠤᠳ ᠲᠠᠭ᠋ᠠᠯᠠᠯ ᠪᠤᠯᠤᠭᠰᠠᠨ ᠠᠬᠠᠮᠠᠳ᠎ᠲᠤ᠎ᠪᠠᠨ ᠵᠢᠯ ᠪᠦᠷᠢ ᠵᠢᠨ ᠨᠡᠭᠡᠭᠡᠭᠰᠡᠨ ᠬᠠᠩᠰᠢ ᠵᠢᠨ ᠡᠳᠦᠷ ᠪᠤᠯᠤᠨ ᠬᠦᠭᠡᠭᠡ ᠰᠠᠷ᠎ᠠ ᠵᠢᠨ ᠭᠤᠴᠢᠨ᠎ᠳᠤ ᠵᠤᠯᠠ ᠬᠦᠵᠢ ᠠᠰᠠᠭ᠋ᠠᠵᠤ᠂ ᠬᠡᠩᠰᠢᠬᠦᠦ ᠰᠢᠲᠠᠭ᠋ᠠᠳᠠᠭ ᠵᠤᠷᠰᠢᠯ᠎ᠲᠠᠢ᠃ ᠲᠡᠷᠡ᠎ᠨᠢ ᠠᠬᠠᠮᠠᠳ᠎ᠲᠤ᠎ᠪᠠᠨ ᠠᠴᠢᠯᠠᠯ ᠬᠦᠢ᠍ᠴᠡᠳᠭᠡᠬᠦ ᠠᠷᠭ᠎ᠠ ᠬᠡᠯᠪᠡᠷᠢ᠎ᠪᠠᠷ ᠬᠤᠶ᠋ᠢᠴᠢ ᠦᠶ᠎ᠡ᠎ᠪᠠᠨ ᠰᠤᠷᠭ᠋ᠠᠵᠤ ᠪᠠᠶ᠋ᠢᠭ᠎ᠠ ᠵᠠᠩ ᠠᠷᠠᠨᠰᠢᠨ ᠶᠤᠮ᠃ ᠰᠢᠯᠢᠳᠡᠭ ᠵᠠᠩ ᠰᠤᠷᠲᠠᠯ ᠵᠶ᠋ᠠᠨ ᠦᠷᠬᠦᠯᠵᠢᠲᠡ ᠵᠠᠯᠭ᠋ᠠᠮᠵᠢᠯᠠᠨ ᠪᠠᠳᠠᠷᠠᠭᠤᠯᠵᠤ᠂ ᠮᠤᠩᠭᠤᠯ ᠦᠨᠳᠦᠰᠦᠲᠡᠨ᠎ᠤ ᠪᠤᠷᠤᠭᠵᠢᠭᠤᠨ ᠪᠤᠯᠪᠠᠰᠤᠨ᠂ ᠡᠷᠬᠢᠮ ᠨᠠᠨᠳᠢᠨ ᠤᠪᠤᠷ ᠰᠤᠷᠲᠠᠯ ᠵᠶ᠋ᠠᠷ ᠵᠶ᠋ᠠᠨ ᠪᠤᠰᠤᠳ ᠦᠨᠳᠦᠰᠦᠲᠡᠨ ᠵᠢᠴᠢ ᠲᠡᠯᠡᠬᠡᠢ ᠨᠡᠶ᠋ᠢᠲᠡ ᠵᠢ ᠨᠦᠯᠦᠭᠡᠯᠡᠵᠤ᠂ ᠦᠪᠡᠷ᠎ᠤᠨ ᠲᠠᠪᠠᠭᠤᠯᠢᠭ ᠵᠶ᠋ᠠᠨ ᠬᠦᠴᠦ ᠲᠠᠯᠪᠢᠨ ᠤᠬᠠᠭᠤᠯᠵᠤ ᠪᠠᠶᠠᠨ ᠴᠢᠨᠡᠭᠡᠯᠢᠭ ᠪᠤᠯᠪᠠᠰᠤᠨ ᠡᠶ᠎ᠡ ᠨᠠᠶ᠋ᠢᠷᠠᠮᠳᠠᠭᠤ ᠨᠡᠶ᠋ᠢᠭᠡᠮ᠎ᠢ ᠴᠤᠭᠴᠠᠯᠠᠨ ᠪᠠᠶ᠋ᠢᠭᠤᠯᠬᠤ᠎ᠪᠠᠷ ᠬᠦᠴᠦᠯᠡᠨ ᠴᠢᠷᠮᠠᠶ᠋ᠢᠵᠤ᠂ ᠤᠯᠤᠰ ᠦᠨᠳᠦᠰᠦᠲᠡᠨ᠎ᠳᠤ᠎ᠪᠠᠨ ᠬᠤᠪᠢ ᠨᠡᠮᠡᠷᠢ ᠡᠷᠬᠦᠬᠦ᠎ᠪᠠᠷ ᠠᠭᠲᠠ ᠵᠢᠨ ᠵᠢᠯᠤᠭᠤ᠎ᠪᠠᠨ ᠰᠤᠩᠭ᠋ᠠᠵᠠᠭ᠋ᠠᠶ᠎ᠠ!


          ᠵᠤᠷᠢᠭᠪᠠᠭ᠋ᠠᠳᠤᠷ᠎ᠤᠨ ᠨᠠᠶ᠋ᠢᠷᠠᠭᠤᠯᠤᠨ ᠵᠤᠬᠢᠶᠠᠭᠰᠠᠨ 《ᠤᠷᠠᠨ ᠲᠠᠷᠬᠠᠨ ᠤᠷᠠᠳ᠎ᠤᠨ ᠵᠠᠩ ᠦᠢ᠍ᠯᠡ》 ᠬᠡᠭᠦ ᠨᠤᠮ᠎ᠠᠴᠠ ᠪᠠᠭᠤᠯᠭ᠋ᠠᠪᠠ



    

ᠢᠷᠡᠯᠲᠡ᠄ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ