ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠨᠠᠷᠠᠨ᠎ᠤ ᠦᠨᠦᠷ

ᠨᠡᠶ᠋ᠢᠲᠡᠯᠡᠭᠰᠡᠨ ᠴᠠᠭ᠄   2024-11-29

      ᠰᠢᠭᠦᠳᠡᠷᠢ᠎ᠪᠠᠨ ᠡᠷᠭᠦᠵᠦ ᠨᠠᠷᠠᠨ ᠵᠦᠭ ᠤᠷᠭᠤᠬᠤ ᠲᠠᠯ᠎ᠠ ᠵᠢᠨ ᠵᠶ᠋ᠠᠨ ᠨᠣᠭᠤᠭ᠋ᠠᠨ ᠡᠪᠡᠰᠦᠨ᠎ᠳᠤ ᠪᠢ ᠬᠠᠶ᠋ᠢᠷᠠᠲᠠᠢ᠃ ᠰᠠᠯᠬᠢᠨ ᠵᠶ᠋ᠠᠷ ᠦᠨᠦᠰᠦᠭᠦᠯᠵᠦ ᠴᠡᠩᠬᠡᠷ ᠤᠰᠤᠨ ᠰᠢᠭ᠋ ᠬᠠᠯᠭᠢᠯᠠᠨ ᠱᠤᠤᠭᠢᠭ᠋ᠠᠳ ᠳᠣᠲᠣᠷ᠎ᠠ᠎ᠨᠢ ᠲᠠᠶ᠋ᠢᠳᠬᠤᠷᠠᠬᠤ᠎ᠳᠤᠨᠢ ᠪᠢ ᠳᠤᠷᠠᠲᠠᠢ᠃
       ᠳᠡᠯᠡᠬᠡᠢ ᠪᠦᠷᠬᠦᠵᠦ ᠴᠡᠯ ᠬᠥᠬᠡᠷᠡᠭᠰᠡᠨ ᠴᠦ᠍ ᠡᠭᠡᠯ ᠪᠣᠷᠣᠭᠵᠢᠭᠤᠨ᠂ ᠡᠩ ᠶᠡᠷᠦᠮᠳᠡᠭ ᠵᠠᠩ ᠴᠢᠨᠠᠷ᠎ᠨᠢ ᠬᠥᠭᠡᠷᠦᠬᠦᠢ ᠮᠠᠯᠴᠢᠨ ᠠᠪᠤ ᠵᠢᠨ ᠨᠠᠮ ᠳᠠᠷᠤᠤ ᠠᠷᠠᠨᠰᠢᠨ᠎ᠲᠠᠢ ᠶᠠᠭ᠋ᠠᠬᠢᠭᠰᠠᠨ ᠲᠥᠰᠥᠭᠡᠲᠡᠢ ᠠᠵᠢ? ᠬᠠᠳᠤᠵᠤ ᠭᠢᠷᠠᠭ᠋ᠠᠬᠰᠠᠨ ᠴᠦ᠍ ᠲᠠᠭᠢᠵᠦ ᠤᠷᠭᠤᠨ᠎ᠠ᠃ ᠦᠨᠳᠦᠰᠦ᠎ᠨᠢ ᠬᠥᠷᠥᠰᠥᠨ᠎ᠳᠤ ᠭᠦᠨ ᠬᠠᠳᠬᠤᠭᠰᠠᠨ᠎ᠤ᠎ᠬᠢ ᠶᠤᠮ ᠤᠤ? ᠡᠰᠡᠬᠦᠯ᠎ᠡ ᠲᠠᠪᠤᠨ ᠬᠤᠰᠢᠭᠤ ᠮᠠᠯ᠎ᠤᠨ ᠵᠶ᠋ᠠᠨ ᠲᠥᠯᠥᠭᠡ ᠲᠡᠭᠡᠵᠦ ᠯᠡ ᠢᠳᠡᠷᠡᠭᠦᠨ ᠤᠷᠭᠤᠭ᠎ᠠ ᠴᠦ᠍ ᠶᠤᠮ ᠤᠤ?
      ᠡᠬᠡ ᠵᠢᠨ ᠮᠢᠨᠢ ᠥᠭᠭᠢᠶᠡᠮᠦᠷ ᠴᠠᠭ᠋ᠠᠨ ᠬᠠᠶ᠋ᠢᠷ᠎ᠠ ᠡᠪᠡᠰᠦᠨ᠎ᠳᠤ ᠪᠤᠢ᠃ ᠡᠷᠡᠮᠡᠬᠡᠢ ᠳᠠᠶ᠋ᠢᠴᠢᠳ᠎ᠤᠨ ᠪᠠᠭ᠋ᠠᠲᠤᠷᠯᠢᠭ ᠵᠣᠷᠢᠭ ᠰᠠᠨᠠᠭ᠎ᠠ ᠡᠪᠡᠰᠦᠨ᠎ᠳᠤ ᠪᠤᠢ᠃ ᠡᠷᠬᠡ ᠴᠢᠯᠦᠭᠡ᠂ ᠡᠩᠬᠡ ᠲᠠᠶ᠋ᠢᠪᠤᠩ᠂ ᠡᠪ ᠬᠠᠮᠲᠤ ᠨᠡᠶ᠋ᠢᠭᠡᠮ᠎ᠤᠨ ᠲᠠᠪᠰᠢᠬᠰᠠᠨ ᠪᠣᠯᠪᠠᠰᠤᠨ ᠤᠬᠠᠮᠰᠠᠷ ᠴᠦ᠍ ᠡᠪᠡᠰᠦᠨ᠎ᠳᠤ ᠪᠤᠢ᠃
      ᠬᠠᠪᠤᠷ᠎ᠲᠠᠭᠠᠨ ᠤᠷᠭᠤᠵᠦ ᠨᠠᠮᠤᠷ ᠦᠷᠡᠯᠡᠬᠦ᠎ᠨᠢ ᠲᠡᠭᠦᠨ᠎ᠤ ᠣᠷᠣᠰᠢᠬᠤᠢ ᠵᠢᠨ ᠤᠬᠠᠭ᠋ᠠᠨ᠃ ᠬᠡᠵᠢᠶᠡᠳᠡ ᠤᠶ᠋ᠢᠳᠬᠠᠷᠯᠠᠬᠤ ᠵᠢ ᠮᠡᠳᠡᠬᠦ ᠦᠭᠡᠢ ᠪᠠᠶᠠᠰᠤᠩᠭᠤᠢ ᠣᠪᠣᠷ᠎ᠢ᠎ᠨᠢ ᠰᠠᠨᠠᠬᠤ᠎ᠠᠴᠠ 《ᠪᠤᠷᠬᠠᠨ᠎ᠤ ᠪᠦᠷᠢᠯᠸ᠎ᠠ ᠴᠦ᠍ ᠶᠤᠮ ᠤᠤ?》 ᠭᠡᠵᠦ ᠪᠢ ᠳᠣᠲᠣᠷ᠎ᠠ᠎ᠪᠠᠨ ᠦᠷᠭᠦᠯᠵᠢ ᠪᠤᠳᠤᠨ᠎ᠠ᠃ ᠡᠪᠡᠰᠦᠨ᠎ᠳᠤ ᠮᠡᠳᠡᠷᠡᠮᠵᠢ ᠪᠤᠢ᠃ ᠥᠪᠡᠷ᠎ᠤᠨ ᠭᠡᠳᠡᠭ ᠬᠦᠰᠡᠯ ᠪᠤᠢ᠃ ᠦᠨᠡᠨ᠎ᠢ ᠰᠢᠲᠦᠳᠡᠭ ᠰᠡᠳᠬᠢᠯᠭᠡ ᠪᠤᠢ᠃
    ᠦᠷ ᠵᠶ᠋ᠠᠷ ᠪᠣᠰᠴᠤ ᠡᠪᠡᠰᠦ ᠵᠢ ᠬᠠᠷᠠᠭ᠋ᠠᠴᠢ᠂ ᠬᠥᠮᠥᠰ ᠠ᠋! ᠬᠠᠷᠢᠯᠴᠠᠨ ᠨᠠᠯᠠᠵᠤ ᠬᠠᠮᠲᠤ᠎ᠪᠠᠷ ᠶᠠᠷᠢᠯᠴᠠᠵᠤ ᠪᠠᠶ᠋ᠢᠭ᠎ᠠ ᠵᠢ᠎ᠨᠢ ᠴᠢᠩᠨᠠᠭ᠋ᠠᠴᠢ! ᠡᠪᠡᠰᠦᠨ᠎ᠤ ᠦᠭᠡ ᠭᠡᠯᠡ ᠭᠡᠵᠦ ᠶᠣᠰᠣᠲᠠᠢ ᠤᠳᠬ᠎ᠠ ᠭᠦᠨᠵᠡᠭᠡᠢ ᠁ ᠬᠥᠮᠥᠨ᠎ᠨᠢ ᠬᠥᠮᠥᠨ ᠵᠶ᠋ᠠᠨ ᠡᠷᠭᠦᠬᠦ᠂ ᠠᠭᠤᠯᠠ᠎ᠨᠢ ᠮᠣᠳᠣ᠎ᠪᠠᠨ ᠡᠷᠭᠦᠬᠦ ᠬᠥᠮᠥᠨ ᠵᠤᠨ᠎ᠤ ᠤᠬᠠᠭ᠋ᠠᠨ ᠪᠤᠳᠤᠯ ᠡᠪᠡᠰᠦᠨ᠎ᠳᠤ ᠪᠠᠶ᠋ᠢᠭ᠎ᠠ ᠵᠢ ᠲᠠ ᠥᠪᠡᠷ᠎ᠤᠨ ᠡᠷᠬᠡ ᠦᠭᠡᠢ ᠪᠢᠰᠢᠷᠡᠨ ᠪᠠᠭ᠍ᠠᠷᠬᠠᠬᠤ᠎ᠨᠢ ᠭᠠᠷᠴᠠᠭ᠎ᠠ ᠦᠭᠡᠢ᠃
      ᠤᠳᠤ ᠲᠦᠭᠡᠵᠦ᠂ ᠰᠠᠷᠠ ᠲᠡᠷᠭᠡᠯᠰᠢᠭᠰᠡᠨ ᠰᠥᠨᠢ᠃ ᠡᠪᠡᠰᠦᠨ᠎ᠤ ᠤᠩᠭᠤᠨ ᠰᠦᠨᠡᠰᠦ᠎ᠠᠴᠠ ᠭᠡᠷᠡᠯ ᠰᠠᠴᠤᠷᠠᠨ᠎ᠠ᠃ ᠲᠡᠭᠦᠨ᠎ᠢ ᠣᠶ᠋ᠢᠯᠠᠭ᠋ᠠᠬᠤ ᠦᠭᠡᠢ ᠬᠥᠮᠥᠰ 《ᠰᠢᠭᠦᠳᠡᠷᠢ ᠵᠢᠨ ᠭᠠᠯ》 ᠭᠡᠳᠡᠭ᠃ ᠪᠢᠰᠢ! ᠲᠡᠷᠡ ᠴᠢᠨᠢ ᠡᠪᠡᠰᠦᠨ᠎ᠤ ᠮᠥᠩᠬᠡ ᠵᠢᠨ ᠠᠮᠢ ᠪᠦᠯᠦᠭᠡ᠃
      ᠡᠪᠡᠰᠦᠨ᠎ᠤ ᠬᠠᠯᠭᠢᠶ᠎ᠠ᠎ᠳᠤ ᠠᠭ᠋ᠠᠷ ᠴᠡᠯᠮᠡᠭᠰᠢᠨ᠎ᠡ᠂ ᠬᠤᠭ ᠲᠣᠭᠤᠰᠣ ᠳᠠᠷᠤᠭᠳᠠᠨ᠎ᠠ᠂ ᠭᠠᠵᠠᠷ ᠰᠢᠷᠣᠢ ᠭᠤᠸ᠎ᠠ ᠦᠵᠡᠰᠭᠦᠯᠡᠩ ᠵᠶ᠋ᠠᠨ ᠭᠠᠶ᠋ᠢᠬᠠᠭᠤᠯᠤᠨ᠎ᠠ᠃ ᠭᠤᠯᠢᠶ᠎ᠠ ᠠᠵᠠ ᠵᠢᠷᠭ᠋ᠠᠯ᠎ᠤᠨ ᠡᠭᠡᠰᠢᠭ᠎ᠲᠠᠢ ᠵᠢᠷᠭᠢᠨ᠎ᠡ᠃ ᠥᠨᠳᠡᠭᠡ᠎ᠪᠠᠨ ᠨᠡᠪᠴᠢᠭᠦᠯᠦᠭᠰᠡᠨ ᠲᠣᠭᠤᠷᠤᠤ ᠤᠶᠠᠩᠭ᠎ᠠ ᠳᠠᠭᠤᠤ᠎ᠲᠠᠢ ᠳᠣᠩᠭᠤᠳᠤᠨ᠎ᠠ᠃
      ᠬᠥᠷᠥᠰᠥ᠎ᠪᠠᠨ ᠴᠢᠮᠡᠵᠦ᠂ ᠬᠥᠬᠡᠷᠡᠵᠦ ᠤᠷᠭᠤᠬᠤ ᠡᠪᠡᠰᠦ ᠰᠠᠶ᠋ᠢᠬᠠᠨ᠃ ᠬᠠᠮᠢᠭ᠎ᠠ ᠭᠦᠷᠦᠭᠰᠡᠨ ᠴᠦ᠍ ᠪᠢ ᠴᠢᠮ᠎ᠠ᠎ᠪᠠᠨ ᠮᠠᠷᠲᠠᠵᠤ ᠴᠢᠳᠠᠬᠤ ᠦᠭᠡᠢ᠃ ᠬᠠᠮᠢᠭ᠎ᠠ ᠭᠦᠷᠦᠭᠰᠡᠨ ᠴᠦ᠍ ᠴᠢ ᠨᠠᠮ᠎ᠠ᠎ᠠᠴᠠ᠎ᠪᠠᠨ ᠵᠠᠶ᠋ᠢᠳᠠᠵᠤ ᠦᠵᠡᠭᠡ ᠦᠭᠡᠢ᠃ ᠰᠦ᠎ᠲᠠᠢ ᠴᠠᠢ᠎ᠪᠠᠨ ᠪᠠᠯᠭᠤᠬᠤ ᠪᠦᠷᠢ ᠴᠢᠮ᠎ᠠ᠎ᠪᠠᠨ ᠰᠠᠨᠠᠵᠤ ᠬᠠᠶ᠋ᠢᠷᠠᠯᠠᠳᠠᠭ ᠰᠠᠨ᠃ ᠁
      ᠡᠬᠡ ᠣᠷᠣᠨ᠎ᠤ ᠮᠢᠨᠢ ᠠᠯᠳᠠᠨ ᠬᠥᠷᠥᠰᠥᠨ᠎ᠳᠤ ᠮᠥᠩᠬᠡ ᠵᠢᠨ ᠠᠮᠢ᠎ᠲᠠᠢ ᠤᠷᠭᠤᠬᠤ ᠡᠪᠡᠰᠦᠨ᠎ᠠᠴᠠ ᠨᠠᠷᠠᠨ᠎ᠤ ᠦᠨᠦᠷ ᠠᠩᠬᠢᠯᠵᠤ ᠰᠡᠩᠭᠢᠨᠡᠨ᠎ᠡ᠃
      ᠪᠢ ᠳᠤᠷᠠᠲᠠᠶ᠎ᠠ ᠨᠢᠭᠡᠨ ᠰᠢᠷᠬᠡᠭ ᠡᠪᠡᠰᠦ ᠪᠣᠯᠵᠤ ᠬᠤᠪᠢᠯᠤᠨᠠᠮ⁈
      ᠴᠢᠯᠠᠭᠤ ᠪᠣᠯ ᠴᠢᠨᠠᠷ᠃ ᠴᠢᠳᠠᠪᠠᠯ ᠬᠡᠨ ᠠᠯᠢᠨ ᠵᠶ᠋ᠠᠨ ᠡᠷᠭᠦ ᠭᠡᠰᠡᠨ ᠦᠭᠡ᠃ ᠴᠠᠭᠢᠯᠵᠦ ᠥᠩᠭᠡᠷᠡᠭᠰᠡᠨ ᠣᠨ ᠵᠢᠯ᠎ᠤᠨ ᠨᠠᠮᠲᠠᠷ᠃ ᠴᠠᠶ᠋ᠢᠯᠭ᠋ᠠᠨ ᠰᠡᠳᠬᠢᠯ᠎ᠲᠠᠢ ᠳᠡᠭᠡᠳᠦᠰ᠎ᠤᠨ ᠮᠢᠨᠢ ᠥᠪ ᠪᠣᠯᠭ᠋ᠠᠨ ᠦᠯᠡᠳᠡᠭᠡᠭᠰᠡᠨ ᠰᠤᠳᠤᠷ᠃ ᠤᠵᠠᠭᠤᠷ ᠴᠠᠭ᠎ᠤᠨ ᠵᠡᠪᠰᠡᠭ᠂ ᠥᠨᠥᠳᠥᠷ᠎ᠤᠨ ᠪᠠᠭ᠍ᠠᠷᠬᠠᠯ᠃
      ᠪᠢ ᠬᠠᠰ᠎ᠤᠨ ᠥᠩᠭᠡ᠎ᠲᠠᠢ ᠴᠢᠯᠠᠭᠤ ᠤᠳᠤ ᠰᠢᠭ᠋ ᠲᠦᠭᠡᠭᠰᠡᠨ ᠨᠤᠲᠤᠭ᠎ᠲᠤ ᠲᠦᠷᠦᠵᠦ ᠥᠰᠦᠭᠰᠡᠨ᠎ᠤ᠎ᠬᠢ ᠴᠦ᠍ ᠶᠤᠮ ᠤᠤ? ᠲᠡᠭᠦᠨ᠎ᠳᠤ ᠣᠨᠴᠠ ᠵᠢᠨ ᠤᠷᠮ᠎ᠠ ᠰᠡᠳᠬᠢᠯᠭᠡ᠎ᠲᠠᠢ᠃ ᠭᠡᠲᠡᠯ᠎ᠡ ᠠᠩᠬ᠎ᠠ ᠬᠥᠯ᠎ᠳᠤ ᠣᠷᠣᠵᠤ ᠮᠤᠶ᠋ᠢᠳᠤᠷ ᠲᠤᠶ᠋ᠢᠲᠤᠷ ᠠᠯᠬᠤᠬᠤ᠎ᠳᠠᠭᠠᠨ ᠴᠢᠯᠠᠭᠤᠨ᠎ᠳᠤ ᠪᠦᠳᠦᠷᠢᠵᠦ᠂ ᠡᠪᠦᠳᠦᠭ ᠵᠶ᠋ᠠᠷ ᠵᠶ᠋ᠠᠨ ᠳᠠᠷᠤᠵᠤ ᠤᠨᠠᠬᠤ᠎ᠳᠠᠭᠠᠨ ᠤᠬᠢᠯᠠᠵᠤ ᠬᠠᠶ᠋ᠢᠯᠠᠭ᠋ᠠᠳ ᠰᠢᠳᠦ᠎ᠪᠠᠨ ᠵᠠᠭᠤᠵᠤ ᠪᠠᠶ᠋ᠢᠭᠰᠠᠨ ᠦᠯᠢᠭᠡᠷ᠎ᠲᠠᠢ ᠭᠡᠵᠦ ᠡᠵᠢ ᠶᠠᠷᠢᠬᠤ ᠪᠣᠯᠭ᠋ᠠᠨ ᠬᠥᠬᠦᠷᠡᠨ ᠢᠨᠢᠶᠡᠵᠦ ᠭᠠᠷᠳᠠᠭ᠃ ᠤᠳᠤ ᠪᠤᠳᠤᠪᠠᠯ ᠥᠪᠡᠷ ᠵᠶ᠋ᠠᠨ ᠴᠦ᠍ ᠪᠢ ᠲᠡᠰᠬᠡᠯ ᠦᠭᠡᠢ 《ᠫᠦᠰ》 ᠭᠡᠲᠡᠯ᠎ᠡ ᠢᠨᠢᠶᠡᠳᠡᠭ ᠶᠤᠮ᠃
      ᠦᠨᠡᠨ᠎ᠳᠡᠭᠡᠨ ᠴᠢᠯᠠᠭᠤ ᠪᠣᠯ ᠮᠢᠨᠤ ᠤᠤᠭ᠋ᠠᠨ ᠪᠠᠭᠰᠢ᠃ ᠨᠠᠳᠠ᠎ᠳᠤ ᠡᠪᠡᠳᠬᠦ ᠵᠢᠨ ᠵᠤᠪᠠᠯᠠᠩ᠎ᠢ ᠮᠡᠳᠡᠭᠦᠯᠦᠭᠰᠡᠨ᠃ ᠬᠥᠮᠥᠨ ᠴᠢᠨᠠᠷ᠎ᠢ ᠴᠦ᠍ ᠣᠶ᠋ᠢᠯᠠᠭ᠋ᠠᠭᠤᠯᠤᠭᠰᠠᠨ᠃ ᠪᠠᠲᠤ ᠴᠢᠩᠭ᠎ᠠ ᠵᠣᠭᠰᠣᠯᠲᠠ ᠵᠢ ᠵᠢᠭ᠋ᠠᠭᠰᠠᠨ ᠤᠬᠠᠭ᠋ᠠᠷᠠᠯ ᠰᠡᠬᠡᠭᠡᠷᠡᠯ᠎ᠤᠨ ᠬᠥᠲᠥᠴᠢ ᠪᠠᠶ᠋ᠢᠭᠰᠠᠨ᠃ ᠲᠡᠭᠦᠨ᠎ᠤ ᠬᠠᠯᠠᠭᠤᠨ ᠬᠦᠢ᠍ᠲᠡᠨ᠎ᠠᠴᠠ ᠵᠢᠷᠦᠬᠡᠰᠢᠶᠡᠬᠦ ᠦᠭᠡᠢ᠃ ᠬᠠᠭ᠋ᠠᠷᠠᠬᠤ᠎ᠠᠴᠠ ᠪᠢᠰᠢ ᠬᠤᠲᠣᠶ᠋ᠢᠳᠠᠭ ᠦᠭᠡᠢ ᠡᠷᠡᠰᠭᠡᠨ ᠵᠠᠩ᠎ᠨᠢ ᠨᠠᠮᠠᠶ᠋ᠢ ᠢᠷᠯᠡᠵᠦ ᠠᠮᠢᠳᠤᠷᠠᠯ᠎ᠤᠨ ᠪᠡᠷᠬᠡ ᠵᠢ ᠢᠯᠡᠨ ᠳᠠᠪᠠᠭ᠍ᠤ ᠵᠣᠷᠢᠭ ᠵᠢᠷᠦᠬᠡ᠎ᠲᠠᠢ ᠪᠣᠯᠭ᠋ᠠᠵᠠᠢ᠃
       ᠠᠭᠤᠯᠠᠨ᠎ᠳᠤ ᠠᠪᠠᠷᠢᠵᠤ ᠤᠷᠭᠢᠯ᠎ᠳᠤᠨᠢ ᠭᠠᠷᠬᠤ ᠪᠣᠯ ᠮᠢᠨᠤ ᠬᠠᠮᠤᠭ᠎ᠤᠨ ᠳᠤᠷ᠎ᠠ᠎ᠲᠠᠢ ᠬᠥᠳᠡᠯᠭᠡᠭᠡᠨ ᠪᠣᠯᠣᠨ᠎ᠠ᠃ ᠪᠠᠭ᠎ᠠ᠎ᠳᠠᠭᠠᠨ ᠪᠢ ᠠᠬ᠎ᠠ᠎ᠪᠠᠨ ᠲᠠᠭ᠋ᠠᠵᠦ᠂ ᠨᠤᠲᠤᠭ᠎ᠤᠨ ᠠᠭᠤᠯᠠ᠎ᠪᠠᠨ ᠠᠪᠠᠷᠢᠳᠠᠭ ᠪᠠᠶ᠋ᠢᠯ᠎ᠠ᠃ ᠳᠡᠭᠡᠷ᠎ᠡ᠎ᠨᠢ ᠭᠠᠷᠤᠭ᠋ᠠᠳ ᠬᠤᠯᠠ ᠵᠢ ᠬᠠᠷᠠᠵᠤ ᠵᠤᠬᠰᠤᠬᠤ᠎ᠳᠠᠭᠠᠨ 《ᠠᠪᠤ᠎ᠲᠠᠢ ᠶᠠᠭ᠋ᠠᠬᠢᠭᠰᠠᠨ ᠠᠳᠠᠯᠢ ᠪᠤᠢ?》 ᠭᠡᠵᠦ ᠪᠤᠳᠤᠬᠰᠠᠨ ᠵᠶ᠋ᠠᠨ ᠫᠤᠤᠳᠠᠭ᠋ᠠᠳ ᠣᠯᠠᠨ᠎ᠢ ᠢᠨᠢᠶᠡᠯᠭᠡᠵᠦ ᠥᠩᠭᠡᠷᠡᠭᠰᠡᠨ ᠠᠵᠢ᠃ ᠲᠡᠷᠡ ᠦᠶ᠎ᠡ᠎ᠪᠠᠨ ᠡᠷᠭᠢᠴᠡᠭᠦᠯᠬᠦ᠎ᠪᠠᠷ ᠠᠭᠤᠯᠠ ᠭᠡᠵᠦ ᠳᠡᠭᠡᠷ᠎ᠡ᠎ᠪᠠᠨ ᠵᠣᠭᠰᠣᠭ᠋ᠠᠵᠤ᠂ ᠬᠤᠯᠠ ᠬᠠᠷᠠᠭᠤᠯᠬᠤ᠎ᠪᠠᠷ ᠵᠶ᠋ᠠᠨ ᠨᠢᠷᠤᠭᠤᠨ᠎ᠳᠠᠭᠠᠨ ᠡᠭᠦᠷᠴᠦ ᠥᠰᠬᠡᠭᠡᠳ ᠭᠦᠯᠦᠭ᠎ᠤᠨ ᠳᠥᠷᠥᠭᠡᠨ᠎ᠳᠤ ᠡᠷᠭᠦᠵᠦ ᠭᠠᠷᠭ᠋ᠠᠭᠰᠠᠨ ᠡᠴᠢᠭᠡ᠎ᠲᠠᠢ ᠦᠨᠡᠬᠡᠷ ᠥᠭᠡᠷ᠎ᠡ ᠶᠠᠭᠤ ᠳ᠋ᠠ? ᠠᠭᠤᠯᠠ ᠮᠢᠨᠢ᠃
      ᠮᠣᠩᠭᠤᠯ ᠨᠤᠲᠤᠭ᠎ᠤᠨ ᠮᠢᠨᠢ ᠵᠢᠷᠭ᠋ᠠᠬᠤ ᠨᠠᠷᠠ᠎ᠨᠢ ᠴᠦ᠍ ᠠᠭᠤᠯᠠᠨ᠎ᠳᠠᠭᠠᠨ ᠰᠥᠬᠦᠷᠡᠳᠡᠭ ᠡᠷᠬᠢᠮ ᠳᠡᠭᠡᠳᠦ᠂ ᠪᠣᠯᠪᠠᠰᠤᠨ ᠰᠤᠷᠲᠠᠯ᠎ᠲᠠᠢ ᠭᠡᠬᠦ᠎ᠳᠤ ᠬᠦᠷᠡᠩ ᠥᠩᠭᠡ᠎ᠲᠠᠢ ᠮᠠᠨᠠᠨ᠎ᠨᠢ ᠥᠷᠯᠥᠭᠡ ᠪᠦᠷᠢ ᠥᠯᠮᠡᠢ ᠵᠢ᠎ᠨᠢ ᠦᠨᠦᠰᠴᠦ ᠰᠢᠩᠭᠡᠳᠡᠭ ᠤᠴᠢᠷ᠎ᠲᠠᠢ᠃ ᠰᠡᠪᠡᠯᠵᠡᠬᠦ ᠰᠠᠯᠬᠢᠨ ᠨᠢᠮᠭᠡᠨ ᠲᠣᠭᠤᠰᠣ ᠵᠢ᠎ᠨᠢ ᠭᠦᠪᠢᠬᠦ ᠭᠡᠬᠦ᠎ᠳᠤ ᠰᠢᠪᠡᠷᠡᠬᠦ ᠪᠣᠷᠣᠭ᠋ᠠᠨ ᠴᠠᠩᠭ᠋ᠠᠭ᠎ᠠ ᠵᠢ᠎ᠨᠢ ᠲᠠᠶ᠋ᠢᠯᠵᠦ ᠪᠤᠴᠠᠬᠤ᠎ᠳᠠᠭᠠᠨ ᠥᠩᠭᠡᠲᠦ ᠰᠣᠯᠣᠩᠭ᠎ᠠ᠎ᠪᠠᠷ ᠲᠡᠭᠷᠢ᠎ᠲᠠᠢ ᠬᠤᠯᠪᠣᠳᠠᠭ᠎ᠲᠤ ᠮᠢᠨᠤ ᠰᠡᠳᠬᠢᠯ ᠥᠪᠡᠷ᠎ᠤᠨ ᠡᠷᠬᠡ ᠦᠭᠡᠢ ᠬᠥᠭᠰᠡᠵᠦ ᠰᠢᠯᠦᠭ᠎ᠤᠨ ᠣᠩᠭᠤᠳ ᠭᠢᠯᠠᠰᠬᠢᠨ ᠪᠠᠭᠤᠳᠠᠭ ᠪᠠᠶ᠋ᠢᠯ᠎ᠠ᠃
      ᠭᠡᠷᠡᠯ ᠢᠯᠴᠢ ᠰᠢᠩᠭᠡᠭᠰᠡᠨ᠂ ᠳᠣᠲᠣᠷ ᠲᠠᠮᠢᠷ᠎ᠲᠠᠢ ᠠᠭᠤᠯᠠ ᠴᠢᠯᠠᠭᠤ ᠮᠢᠨᠢ᠃ ᠨᠠᠷᠠᠨ ᠰᠦ ᠵᠢᠨ ᠦᠨᠦᠷ ᠴᠢᠮ᠎ᠠ᠎ᠠᠴᠠ ᠬᠠᠩᠬᠤᠯᠤᠨ᠎ᠠ᠃ ᠲᠡᠷᠡ ᠠᠭ᠋ᠠᠷ ᠰᠢᠭ᠋ ᠱᠠᠩᠳᠠᠭᠤᠨ ᠦᠨᠦᠷ᠎ᠲᠤ ᠬᠤᠷᠸ᠎ᠠ ᠲᠠᠩᠰᠤᠭ ᠵᠢᠷᠭ᠋ᠠᠬᠤ ᠶᠣᠰᠣᠲᠠᠢ᠃
      ᠪᠢ ᠡᠬᠡ ᠣᠷᠣᠨ᠎ᠳᠠᠭᠠᠨ ᠬᠡᠰᠡᠭ ᠴᠢᠯᠠᠭᠤ ᠪᠣᠯᠵᠤ ᠤᠷᠭᠤᠨᠠᠮ⁈
      ᠭᠡᠷᠡᠯ ᠤᠷᠤᠭᠤ ᠲᠡᠮᠡᠦᠯᠵᠦ ᠤᠷᠤᠰᠬᠤ ᠢᠨᠵᠠᠭ᠋ᠠᠨ ᠭᠤᠣᠯ᠎ᠤᠨ ᠰᠢᠷᠤᠩᠬᠠᠢ ᠮᠢᠨᠤ ᠵᠢᠷᠦᠬᠡᠨ ᠴᠣᠬᠢᠯᠭ᠎ᠠ᠎ᠲᠠᠢ ᠠᠶ᠋ᠢᠵᠠᠮ ᠨᠡᠶ᠋ᠢᠯᠡᠬᠦ᠎ᠪᠠᠷ ᠨᠠᠶ᠋ᠢᠷᠠᠭ᠎ᠤᠨ ᠣᠩᠭᠤᠳ ᠪᠣᠯᠵᠤ ᠬᠤᠪᠢᠯᠤᠭ᠋ᠠᠳ ᠬᠤᠭᠤᠷ᠎ᠤᠨ ᠠᠶᠠᠯᠭᠤᠨ᠎ᠳᠤ ᠬᠥᠭᠯᠡᠭᠳᠡᠳᠡᠭ᠃
      ᠥᠭᠡᠳᠡ ᠥᠭᠡᠳᠡ᠎ᠠᠴᠠ᠎ᠪᠠᠨ ᠬᠠᠷᠠᠭᠰᠠᠨ ᠪᠣᠰᠤᠭ᠎ᠠ ᠬᠤᠶᠠᠷ ᠡᠷᠭᠢ᠎ᠨᠢ ᠨᠠᠷᠠᠨ ᠰᠠᠷᠠᠨ᠎ᠤ᠎ᠪᠠᠨ ᠣᠷᠣᠰᠢᠬᠤᠢ ᠵᠢᠨ ᠵᠢᠮ᠎ᠡ᠎ᠪᠠᠷ ᠰᠡᠬᠦᠶ᠋ᠢᠵᠦ ᠭᠤᠣᠯ᠎ᠤᠨ ᠤᠰᠤᠨ᠎ᠤ᠎ᠪᠠᠨ ᠠᠯᠤᠰ᠎ᠤᠨ ᠬᠦᠰᠡᠯ᠂ ᠠᠷᠢᠭᠤᠨ ᠰᠠᠨᠠᠭ᠎ᠠ᠂ ᠥᠭᠭᠢᠶᠡᠮᠦᠷ ᠬᠠᠶ᠋ᠢᠷ᠎ᠠ᠎ᠳᠤ ᠳᠣᠲᠣᠷ᠎ᠠ᠎ᠠᠴᠠ᠎ᠪᠠᠨ ᠭᠡᠭᠡᠷᠡᠨ᠎ᠡ᠃ ᠤᠰᠤᠨ᠎ᠳᠤ ᠮᠡᠳᠡᠷᠡᠮᠵᠢ᠎ᠲᠠᠢ᠂ ᠤᠢ ᠤᠬᠠᠭ᠋ᠠᠨ᠎ᠲᠠᠢ᠎ᠨᠢ ᠦᠨᠡᠨ᠃ ᠲᠡᠭᠦᠨ᠎ᠳᠤ ᠪᠠᠰᠠ ᠥᠪᠡᠷ᠎ᠤᠨ ᠭᠡᠬᠦ ᠦᠭᠡ ᠭᠡᠯᠡ᠎ᠲᠠᠢ ᠴᠦ᠍ ᠮᠠᠭ᠋ᠠᠳ᠃ ᠣᠬᠢᠯᠠᠭᠰᠠᠨ ᠵᠢᠭ᠋ᠠᠰᠤᠨ᠎ᠤ᠎ᠪᠠᠨ ᠨᠢᠯᠪᠤᠰᠤ ᠵᠢ ᠤᠰᠤ᠎ᠪᠠᠷ ᠵᠶ᠋ᠠᠨ ᠨᠢᠭᠤᠳᠠᠭ᠎ᠢ ᠪᠤᠳᠤᠬᠤ᠎ᠠᠴᠠ ᠦᠷ᠎ᠡ ᠬᠡᠦᠬᠡᠳ ᠵᠶ᠋ᠠᠨ ᠭᠡᠳᠡᠭ ᠡᠵᠢ ᠵᠢ ᠮᠢᠨᠢ ᠰᠠᠨᠠᠭᠳᠠᠭᠤᠯᠤᠨ᠎ᠠ᠃ 《ᠴᠡᠩᠬᠡᠷ ᠲᠤᠩᠭ᠋ᠠᠯᠠᠭ ᠤᠰᠤᠨ᠎ᠳᠤ ᠪᠠᠰᠠ ᠪᠤᠷᠬᠠᠨ ᠪᠠᠶ᠋ᠢᠳᠠᠭ ᠴᠦ᠍ ᠶᠤᠮ ᠤᠤ⁈》 ᠭᠡᠵᠦ ᠪᠢ ᠦᠷᠭᠦᠯᠵᠢ ᠪᠤᠳᠤᠨᠠᠮ᠃
      ᠤᠷᠭᠤᠮᠠᠯ᠎ᠤᠨ ᠠᠮᠢ ᠨᠠᠰᠤ ᠪᠣᠯ ᠤᠰᠤ᠃ ᠬᠥᠮᠥᠨ ᠠᠮᠢᠳᠠᠨ᠂ ᠠᠷᠢᠶᠠᠲᠠᠨ ᠵᠢᠭᠦᠷᠲᠡᠨ᠎ᠤ ᠠᠮᠢ ᠨᠠᠰᠤ ᠴᠦ᠍ ᠤᠰᠤ᠃ ᠥᠴᠥᠬᠡᠨ ᠰᠢᠮᠠᠭᠤᠯ ᠭᠦᠷᠳᠡᠯ᠎ᠡ ᠠᠩᠭ᠋ᠠᠬᠤ᠎ᠳᠠᠭᠠᠨ ᠤᠰᠤᠨ᠎ᠳᠤ ᠪᠠᠭᠤᠨ᠎ᠠ᠃ ᠭᠦᠨ ᠲᠠᠯᠠᠢ ᠵᠢᠨ ᠢᠷᠤᠭ᠋ᠠᠷ᠎ᠠᠴᠠ ᠤᠷᠭᠤᠭᠰᠠᠨ ᠴᠢᠯᠠᠭᠤ ᠴᠦ᠍ ᠤᠰᠤᠨ᠎ᠠᠴᠠ ᠰᠠᠯᠬᠤ᠎ᠪᠠᠷ ᠬᠠᠳᠠᠵᠦ ᠬᠠᠭ᠋ᠠᠷᠠᠬᠤ ᠤᠴᠢᠷᠲᠠᠢ᠃ ᠣᠷᠴᠢᠯᠠᠩ ᠤᠰᠤᠨ᠎ᠤ ᠠᠮᠢ᠎ᠲᠠᠢ᠂ ᠤᠰᠤᠨ᠎ᠠᠴᠠ ᠰᠠᠯᠵᠤ ᠪᠤᠯᠬᠤ ᠦᠭᠡᠢ ᠪᠠᠷᠢᠯᠳᠤᠯᠭ᠎ᠠ᠎ᠲᠠᠢ ᠪᠠᠶ᠋ᠢᠵᠤ ᠲᠠᠭ᠋ᠠᠷᠠᠨ᠎ᠠ᠃
      ᠴᠢᠭᠢᠭᠯᠢᠭ ᠰᠡᠷᠢᠭᠦᠨ ᠦᠷ᠎ᠤᠨ ᠵᠢᠪᠠᠷ ᠤᠰᠤᠨ᠎ᠤ ᠰᠠᠳᠤᠨ᠃ ᠭᠦᠨ ᠴᠡᠩᠬᠡᠷ ᠴᠠᠯᠭᠢᠯᠠᠭᠰᠠᠨ ᠠᠭ᠋ᠠᠷ ᠤᠰᠤᠨ᠎ᠤ ᠲᠦᠷᠦᠯ᠃ ᠨᠡᠭᠦᠳᠡᠯ᠎ᠤᠨ ᠰᠢᠪᠠᠭᠤᠳ ᠴᠦ᠍ ᠤᠰᠤᠨ᠎ᠤ᠎ᠪᠠᠨ ᠭᠡᠯᠡ᠎ᠪᠠᠷ ᠵᠢᠷᠭᠢᠨ᠎ᠡ᠃ ᠰᠠᠷᠠ ᠪᠦᠭᠴᠢᠮ ᠬᠠᠯᠠᠭᠤᠨ ᠦᠳᠡᠰᠢ ᠤᠰᠤᠨ᠎ᠳᠤ ᠢᠷᠡᠵᠦ ᠤᠮᠪᠠᠨ᠎ᠠ᠃ ᠲᠡᠭᠷᠢ ᠴᠦ᠍ ᠬᠠᠯᠠᠭᠤᠷᠠᠭ᠋ᠠᠳ ᠲᠡᠰᠬᠦ ᠦᠭᠡᠢ᠎ᠳᠡᠭᠡᠨ ᠤᠰᠤᠨ᠎ᠳᠤ ᠢᠷᠡᠨ᠎ᠡ᠃ ᠭᠡᠬᠦ᠎ᠳᠡᠭᠡᠨ ᠲᠡᠭᠷᠢ ᠵᠢᠨ ᠪᠤᠳᠤᠭ ᠤᠰᠤᠨ᠎ᠳᠤ ᠰᠢᠩᠭᠡᠵᠦ ᠥᠩᠭᠡ᠎ᠨᠢ ᠢᠵᠢᠯᠢᠰᠢᠭᠰᠡᠨ ᠪᠠᠶ᠋ᠢᠳᠠᠭ᠃ ᠤᠰᠤᠨ᠎ᠤ ᠠᠮᠢ ᠮᠥᠩᠬᠡ ᠵᠢᠨ᠎ᠬᠢ ᠪᠣᠯᠤᠭᠰᠠᠨ᠎ᠨᠢ ᠲᠡᠷᠡ ᠴᠦ᠍ ᠶᠤᠮ ᠤᠤ? ᠡᠰᠡᠬᠦᠯ᠎ᠡ ᠪᠥᠮᠪᠥᠷᠴᠡᠭ ᠳᠡᠯᠡᠬᠡᠢ ᠵᠢᠨ ᠪᠤᠶᠠᠨ ᠵᠶ᠋ᠠᠷ ᠴᠦ᠍ ᠶᠤᠮ ᠤᠤ?
      ᠶᠢᠷᠲᠢᠨᠴᠦ ᠲᠣᠭᠲᠠᠭᠰᠠᠨ᠎ᠠᠴᠠ ᠨᠠᠭ᠋ᠠᠰᠢ ᠤᠰᠤ᠎ᠪᠠᠷ ᠯᠡ ᠠᠮᠢ ᠭᠤᠣᠯ᠎ᠲᠠᠢ᠂ ᠥᠭᠡᠳᠡ ᠥᠯᠵᠡᠢ᠎ᠲᠠᠢ ᠶᠠᠪᠤᠨ᠎ᠠ᠃ ᠭᠡᠬᠦ᠎ᠳᠡᠭᠡᠨ ᠮᠣᠩᠭᠤᠯᠴᠤᠳ 《ᠲᠤᠰᠤᠯ ᠤᠰᠤ ᠵᠢ ᠴᠦ᠍ ᠬᠠᠶ᠋ᠢᠷᠠᠯᠠᠵᠤ ᠭᠠᠮᠨᠠᠵᠤ ᠶᠠᠪᠤᠭ᠋ᠠᠷᠠᠢ》 ᠬᠡᠮᠡᠨ ᠬᠡᠦᠬᠡᠳ ᠵᠶ᠋ᠠᠨ ᠰᠤᠷᠭ᠋ᠠᠳᠠᠭ᠎ᠨᠢ ᠬᠤᠯᠠ ᠵᠢᠨ ᠪᠤᠳᠤᠯ᠂ ᠬᠦᠰᠡᠯ ᠢᠲᠡᠭᠡᠯ᠂ ᠬᠥᠮᠥᠨᠴᠢ ᠴᠢᠨᠠᠷ᠎ᠤᠨ ᠬᠢᠨᠢ ᠢᠯᠡᠷᠡᠯ ᠶᠤᠮ᠃
      ᠤᠬᠠᠭ᠋ᠠᠨᠲᠤ ᠳᠡᠭᠡᠳᠦᠰ ᠮᠠᠨᠢ ᠪᠤᠯᠠᠭ ᠣᠷᠭᠢᠯᠤᠭᠰᠠᠨ ᠨᠠᠪᠳᠠᠭ ᠰᠠᠪᠳᠠᠭ᠎ᠲᠠᠢ ᠨᠠᠭᠤᠷ᠎ᠲᠤ ᠪᠡᠶ᠎ᠡ᠎ᠪᠠᠨ ᠤᠬᠢᠶᠠᠬᠤ ᠪᠤᠶᠤ ᠬᠤᠪᠴᠠᠰᠤ ᠤᠬᠢᠶᠠᠬᠤ ᠵᠢ ᠴᠡᠭᠡᠷᠯᠡᠭᠦᠯᠦᠨ ᠰᠤᠷᠭ᠋ᠠᠳᠠᠭ᠃ ᠡᠨᠡ᠎ᠨᠢ ᠲᠡᠭᠦᠨ᠎ᠤ ᠤᠰᠤᠨ᠎ᠳᠤ ᠬᠠᠶ᠋ᠢᠷ᠎ᠠ᠎ᠲᠠᠢ ᠰᠡᠳᠬᠢᠯ᠎ᠢ ᠬᠠᠷᠠᠭᠤᠯᠵᠤ ᠪᠠᠶ᠋ᠢᠬᠤ᠎ᠪᠠᠷ ᠪᠠᠷᠠᠬᠤ ᠦᠭᠡᠢ ᠴᠡᠪᠡᠷ ᠠᠷᠢᠭᠤᠨ ᠠᠮᠢᠳᠤ ᠤᠰᠤ ᠵᠢ ᠪᠤᠵᠠᠷᠳᠠᠭᠤᠯᠵᠦ ᠰᠢᠷᠭᠢᠭᠦᠯᠬᠦ᠎ᠠᠴᠠ ᠪᠣᠯᠭᠤᠮᠵᠢᠯᠠᠭᠰᠠᠨ ᠠᠭᠤᠤ ᠶᠡᠭᠡ ᠢᠷᠡᠭᠡᠳᠦᠶ᠋ᠢᠴᠢ ᠦᠵᠡᠯ ᠤᠬᠠᠮᠰᠠᠷ᠎ᠤᠨ ᠭᠡᠷᠡᠯ ᠭᠡᠭᠡ ᠶᠤᠮ᠃
      ᠪᠠᠶ᠋ᠢᠭ᠋ᠠᠯᠢ ᠥᠪᠡᠷ᠎ᠢ᠎ᠪᠠᠨ ᠦᠪᠡᠰᠦᠪᠡᠨ ᠡᠪᠳᠡᠳᠡᠭ ᠦᠭᠡᠢ᠃ ᠨᠠᠭᠤᠷ ᠤᠰᠤᠨ ᠴᠦ᠍ ᠥᠪᠡᠷ ᠵᠶ᠋ᠠᠨ ᠬᠠᠳᠠᠵᠦ ᠬᠠᠭᠰᠠᠷᠠᠬᠤ ᠦᠭᠡᠢ᠃ ᠬᠥᠮᠥᠨ ᠯᠡ ᠪᠠᠶ᠋ᠢᠭ᠋ᠠᠯᠢ᠎ᠪᠠᠨ ᠴᠢᠯᠡᠭᠡᠵᠦ᠂ ᠨᠠᠭᠤᠷ ᠴᠦᠭᠦᠷᠤᠮ᠂ ᠭᠤᠣᠯ ᠮᠥᠷᠡᠨ ᠵᠶ᠋ᠠᠨ ᠭᠤᠮᠣᠳᠠᠭ᠋ᠠᠳᠠᠭ᠎ᠢ ᠭᠦᠪᠡᠭᠡ᠎ᠨᠢ ᠰᠡᠮᠡᠷᠡᠭᠰᠡᠨ ᠲᠠᠯ᠎ᠠ ᠬᠠᠩᠭ᠋ᠠᠢ᠂ ᠲᠠᠲᠠᠭᠤᠷᠠᠵᠤ ᠨᠠᠷᠢᠰᠤᠭᠰᠠᠨ ᠤᠷᠤᠰᠬᠠᠯ ᠤᠰᠤᠨ᠂ ᠰᠢᠷᠭᠢᠮᠡᠷ ᠪᠣᠯᠤᠭᠰᠠᠨ ᠨᠣᠭᠤᠭ᠋ᠠᠨ ᠪᠦᠷᠢᠳᠦ ᠵᠢᠨ 《ᠦᠷ᠎ᠡ ᠬᠤᠶ᠋ᠢᠴᠢᠰ᠎ᠤᠨ ᠵᠶ᠋ᠠᠨ ᠮᠠᠷᠭ᠋ᠠᠰᠢ ᠵᠢ ᠪᠣᠳᠣᠯᠬᠢᠯᠠ》 ᠭᠡᠰᠡᠨ ᠤᠳᠬ᠎ᠠ ᠤᠴᠢᠷᠲᠠᠢ ᠰᠢᠪᠡᠨᠡᠭᠡ᠎ᠠᠴᠠ ᠰᠡᠷᠡᠵᠦ ᠰᠡᠬᠡᠭᠡᠷᠡᠵᠦ ᠪᠣᠯᠣᠨ᠎ᠠ᠃ ᠬᠥᠮᠥᠰ ᠮᠢᠨᠢ!
      ᠤᠰᠤᠨ᠎ᠳᠤ ᠡᠵᠢ ᠵᠢᠨ ᠬᠠᠶ᠋ᠢᠷ᠎ᠠ᠎ᠠᠴᠠ ᠭᠠᠳᠠᠨ᠎ᠠ᠂ ᠠᠪᠤ ᠵᠢᠨ ᠠᠷᠠᠨᠰᠢᠨ ᠴᠦ᠍ ᠪᠤᠢ᠃ ᠦᠶᠡᠷᠯᠡᠨ ᠳᠠᠪᠠᠯᠭ᠋ᠠᠯᠠᠵᠤ᠂ ᠤᠶ᠋ᠢᠯᠰᠤᠨ ᠬᠦᠷᠬᠢᠷᠡᠬᠦ᠎ᠨᠢ ᠤᠰᠤᠨ᠎ᠤ ᠠᠭᠤᠷ ᠬᠢᠯᠢᠩ ᠪᠢᠵᠡ? ᠶᠡᠨᠳᠡᠷ᠎ᠤᠨ ᠴᠢᠯᠠᠭᠤ ᠵᠢ ᠨᠦᠬᠡᠯᠡᠳᠡᠭ ᠲᠤᠰᠤᠯ ᠤᠰᠤᠨ᠎ᠠᠴᠠ ᠲᠡᠭᠦᠨ᠎ᠤ ᠬᠠᠳᠠᠨ᠎ᠠᠴᠠ ᠳᠠᠪᠠᠭᠰᠠᠨ ᠬᠠᠲᠠᠭᠤ ᠴᠢᠨᠠᠷ᠎ᠢ ᠴᠦ᠍ ᠤᠬᠠᠭ᠋ᠠᠷᠠᠵᠤ ᠮᠠᠳᠠᠨ᠎ᠠ᠃ ᠬᠦᠷᠬᠢᠷ᠎ᠡ᠎ᠠᠴᠠ ᠰᠦᠷ ᠶᠡᠭᠡ ᠬᠦᠴᠦᠨ ᠴᠢᠳᠠᠯ᠎ᠢ ᠴᠦ᠍ ᠣᠯᠵᠤ ᠬᠠᠷᠠᠨ᠎ᠠ᠃ ᠤᠰᠤᠨ᠎ᠠᠴᠠ ᠪᠢᠳᠡ ᠴᠠᠭᠢᠯᠭ᠋ᠠᠨ ᠭᠠᠷᠭ᠋ᠠᠨ᠎ᠠ᠃ ᠤᠰᠤᠨ᠎ᠠᠴᠠ ᠪᠢᠳᠡ ᠦᠯᠡᠮᠵᠢ ᠵᠢᠨ ᠡᠬᠢ ᠪᠠᠶᠠᠯᠢᠭ᠎ᠢ ᠱᠦᠭᠦᠨ᠎ᠡ᠃ ᠬᠤᠯᠪᠣᠨ ᠪᠣᠳᠣᠯᠲᠠ ᠵᠢᠨ ᠬᠢᠵᠠᠭ᠋ᠠᠷ ᠦᠭᠡᠢ ᠡᠷᠬᠡ ᠴᠢᠯᠦᠭᠡ ᠤᠰᠤ ᠮᠢᠨᠤ᠃ ᠴᠢ ᠭᠤᠸ᠎ᠠ ᠰᠠᠶ᠋ᠢᠬᠠᠨ᠎ᠤ ᠳᠣᠲᠣᠷᠠᠬᠢ ᠭᠤᠸ᠎ᠠ ᠰᠠᠶ᠋ᠢᠬᠠᠨ ᠴᠦ᠍ ᠶᠤᠮ ᠤᠤ⁈
      ᠪᠢ ᠲᠤᠰᠤᠯ ᠤᠰᠤᠨ ᠪᠣᠯᠵᠤ ᠡᠬᠡ ᠣᠷᠣᠨ᠎ᠤ᠎ᠪᠠᠨ ᠠᠨᠠᠪᠠᠳ ᠲᠠᠯᠠᠢ᠎ᠳᠤ ᠬᠦᠷᠬᠢᠷᠡᠨᠡᠮ⁈
      ᠤᠷᠭᠤᠵᠦ ᠰᠠᠴᠤᠷᠠᠭᠰᠠᠨ ᠨᠠᠷᠠᠨ᠎ᠤ ᠦᠨᠦᠷ᠎ᠲᠠᠢ᠂ ᠥᠨᠢ ᠮᠥᠩᠬᠡ ᠵᠢᠨ ᠤᠰᠤ ᠮᠢᠨᠢ ᠳ᠋ᠧ᠃ ᠪᠢ ᠴᠢᠮ᠎ᠠ᠎ᠳᠤ ᠬᠠᠶ᠋ᠢᠷᠠᠲᠠᠢ ᠪᠣᠯᠬᠤᠷ ᠦᠷᠭᠦᠯᠵᠢ ᠡᠯᠢᠭᠡ ᠨᠢᠭᠡᠲᠡᠢ ᠡᠬᠡ ᠣᠷᠣᠨ᠎ᠳᠠᠭᠠᠨ ᠲᠤᠰᠤᠯ ᠤᠰᠤ ᠪᠣᠯᠵᠤ ᠠᠯᠠᠭ᠋ᠠᠨ ᠳᠡᠭᠡᠷ᠎ᠡ᠎ᠨᠢ ᠠᠭᠤᠰᠤᠨ ᠵᠢᠷᠭ᠋ᠠᠵᠤ ᠪᠤᠢ ᠬᠡᠮᠡᠨ ᠵᠡᠭᠦᠳᠦᠯᠡᠳᠡᠭ ᠪᠠᠶ᠋ᠢᠯ᠎ᠠ ᠁ ᠬᠥᠭᠵᠢᠯ ᠮᠠᠨᠳᠤᠯ᠎ᠤᠨ ᠠᠯᠳᠠᠨ ᠲᠦᠷᠦᠭᠡ ᠬᠠᠩᠭᠢᠨᠠᠭᠤᠯᠵᠤ ᠲᠤᠷᠤᠨ᠎ᠠ ᠵᠢᠨ ᠲᠣᠷᠭ᠋ᠠᠨ ᠡᠯᠢᠭᠡᠨ᠎ᠳᠤ ᠲᠦᠮᠡᠨ ᠨᠢᠳᠦ᠎ᠲᠠᠢ ᠲᠡᠭᠷᠢ ᠰᠢᠭ ᠰᠦᠷ ᠭᠡᠷᠡᠯ᠎ᠲᠠᠢ᠂ ᠨᠠᠮ ᠲᠠᠶ᠋ᠢᠪᠤᠩ ᠣᠷᠣᠰᠢᠬᠤ ᠪᠤᠷᠬᠠᠨ ᠡᠬᠡ ᠣᠷᠣᠨ ᠮᠢᠨᠢ᠃ ᠲᠠᠨ᠎ᠤ ᠴᠢᠮᠬᠢ ᠰᠢᠷᠣᠢ᠂ ᠥᠨᠥᠴᠢᠨ ᠨᠠᠪᠴᠢ᠂ ᠥᠴᠥᠬᠡᠨ ᠰᠢᠷᠭᠤᠯᠵᠢ ᠁ ᠴᠢᠨᠢ ᠠᠳᠠᠯ᠎ᠠ ᠮᠢᠨᠤ ᠰᠡᠳᠬᠢᠯ᠎ᠳᠤ ᠠᠯᠳᠠ᠎ᠪᠠᠷ ᠰᠣᠯᠢᠬᠤ ᠦᠭᠡᠢ ᠦᠨᠡᠲᠦ ᠡᠷᠳᠡᠨᠢ ᠶᠤᠮᠰᠠᠨ᠃ ᠬᠤᠯᠠᠳᠠᠬᠤ᠎ᠪᠠᠷ ᠵᠡᠭᠦᠳᠦᠨ᠎ᠳᠤ ᠡᠷᠭᠢᠴᠡᠨ᠎ᠡ᠃ ᠣᠶ᠋ᠢᠷᠠᠳᠬᠤ᠎ᠪᠠᠷ ᠵᠢᠷᠦᠬᠡᠨ᠎ᠳᠤ ᠭᠡᠷᠡᠯᠲᠦᠨ᠎ᠡ᠃
      ᠡᠵᠢ — ᠨᠠᠷᠠᠨ᠎ᠤ ᠦᠨᠦᠷ᠎ᠲᠠᠢ ᠡᠬᠡ ᠣᠷᠣᠨ ᠮᠢᠨᠢ᠃
      ᠡᠬᠡ ᠣᠷᠣᠨ — ᠰᠢᠲᠦᠭᠡᠨ ᠲᠡᠭᠷᠢ ᠡᠵᠢ ᠮᠢᠨᠢ ᠠ᠋᠃
   

ᠢᠷᠡᠯᠲᠡ᠄ ᠲᠤᠮᠳᠠᠳᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ