ᠪᠠᠶᠠᠯᠢᠭ ᠨᠠᠭᠤᠷᠲᠣ ᠨᠣᠲᠤᠭ   -   ᠲᠡᠦᠬᠡ ᠰᠣᠶᠣᠯ

ᠤᠷᠠᠳ᠎ᠤᠨ ᠲᠤᠮᠳᠠᠳᠤ ᠬᠤᠰᠢᠭᠤᠨ᠎ᠤ ᠨᠡᠷᠡᠳᠤ ᠬᠦᠮᠦᠰ᠎ᠤᠨ ᠨᠠᠮᠳᠠᠷ — ᠵᠠᠩ ᠹᠦ᠋ ᠰᠢᠩ

ᠨᠡᠶ᠋ᠢᠲᠡᠯᠡᠭᠰᠡᠨ ᠴᠠᠭ᠄   2024-08-28

       ᠵᠠᠩ ᠹᠦ᠋ ᠰᠢᠩ (1938.10.21 — 1988.8.13) ᠡᠷᠡᠭᠳᠡᠢ᠂ ᠬᠢᠳᠠᠳ ᠦᠨᠳᠤᠰᠤᠳᠡᠨ᠂ ᠤᠷᠠᠳ᠎ᠤᠨ ᠲᠤᠮᠳᠠᠳᠤ ᠬᠤᠰᠢᠭᠤᠨ᠎ᠤ ᠲᠡᠯ ᠠᠭᠤᠯᠠ ᠰᠢᠶᠠᠩ᠎ᠤᠨ ᠰᠢ ᠢ ᠲᠠᠩ ᠲᠤᠰᠬᠤᠨ᠎ᠤ ᠭᠦᠮᠤᠨ᠃ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠬᠡᠰᠢᠭᠦᠨ᠂ ᠦᠪᠤᠷ ᠮᠤᠩᠭᠤᠯ᠎ᠤᠨ ᠠᠵᠤ ᠤᠶ᠋ᠢᠯᠡᠳᠪᠤᠷᠢ ᠵᠢᠨ ᠲᠡᠭᠡᠳᠤ ᠰᠤᠷᠭ᠋ᠠᠭᠤᠯᠢ ᠵᠢᠨ ᠡᠳ᠋ ᠮᠠᠲ᠋ᠧᠷᠢᠶᠠᠯ ᠪᠠᠷᠢᠯᠭ᠎ᠠ ᠵᠢᠨ ᠰᠠᠯᠪᠤᠷᠢ ᠵᠢᠨ ᠲᠡᠳ᠋ ᠫᠷᠤᠹᠧᠰᠰᠤᠷ᠃
      1965 ᠤᠨ᠎ᠤ 8 ᠳ᠋ᠤᠭ᠋ᠠᠷ ᠰᠠᠷ᠎ᠠ᠎ᠳᠤ ᠲᠡᠷᠡ ᠦᠪᠤᠷ ᠮᠤᠩᠭᠤᠯ᠎ᠤᠨ ᠠᠵᠤ ᠤᠶ᠋ᠢᠯᠡᠳᠪᠤᠷᠢ ᠵᠢᠨ ᠲᠡᠭᠡᠳᠤ ᠰᠤᠷᠭ᠋ᠠᠭᠤᠯᠢ ᠵᠢᠨ ᠴᠢᠳᠬᠤᠵᠤ ᠤᠶ᠋ᠢᠯᠡᠳᠬᠦ ᠰᠠᠯᠪᠤᠷᠢ᠎ᠠᠴᠠ ᠲᠡᠭᠦᠰᠴᠦ᠂ ᠰᠤᠷᠭ᠋ᠠᠭᠤᠯᠢ᠎ᠳᠠᠭᠠᠨ ᠬᠤᠴᠤᠷᠴᠦ ᠮᠧᠬᠠᠨᠢᠭ᠎ᠤᠨ ᠬᠤᠶᠠᠳᠤᠭ᠋ᠠᠷ ᠰᠠᠯᠪᠤᠷᠢ ᠵᠢᠨ ᠴᠢᠳᠬᠤᠵᠤ ᠤᠶ᠋ᠢᠯᠳᠬᠦ ᠰᠤᠳᠤᠯᠭ᠋ᠠᠨ᠎ᠤ ᠲᠠᠰᠤᠭ᠎ᠲᠤ ᠵᠢᠭ᠋ᠠᠨ ᠰᠤᠷᠭ᠋ᠠᠬᠤ ᠪᠡ ᠰᠤᠳᠤᠯᠭ᠋ᠠᠨ᠎ᠤ ᠠᠵᠢᠯ ᠬᠢᠵᠠᠢ᠃ ᠲᠡᠷᠡ ᠬᠢᠴᠢᠶᠡᠯ ᠵᠢᠭ᠋ᠠᠬᠤ᠎ᠳᠠᠭᠠᠨ ᠴᠢᠩᠭ᠎ᠠ ᠬᠢᠨᠠᠮᠠᠭ᠋ᠠᠢ᠂ ᠤᠨᠤᠯ᠎ᠢ ᠪᠤᠳᠠᠳᠠᠢ᠎ᠲᠠᠢ ᠤᠶᠠᠯᠳᠤᠭᠤᠯᠬᠤ᠂ ᠦᠪᠡᠷ ᠵᠶ᠋ᠠᠨ ᠬᠢᠴᠢᠶᠡᠯᠯᠡᠭᠦ ᠮᠡᠲ᠋ᠧᠷᠢᠶᠡᠯ ᠨᠠᠶ᠋ᠢᠷᠠᠭᠤᠯᠤᠨ᠂ ᠰᠢᠷᠭ᠋ᠠᠭᠤ ᠬᠠᠳᠠᠭᠤᠵᠢᠯᠳᠠᠢ᠎ᠪᠠᠷ ᠰᠤᠷᠤᠭᠴᠢ᠎ᠪᠠᠨ ᠭᠦᠮᠤᠵᠢᠭᠦᠯᠳᠡᠭ᠃ ᠲᠡᠷᠡ ᠠᠩᠭᠢ ᠵᠢᠨ ᠡᠷᠭᠢᠯᠡᠭᠴᠢ ᠪᠠᠶ᠋ᠢᠬᠤ ᠎ᠳᠠᠭᠠᠨ ᠲᠠᠭ᠋ᠠᠭᠤᠯᠵᠤ ᠡᠷᠬᠢᠯᠡᠭᠰᠡᠨ ᠠᠩᠭᠢ᠎ᠨᠢ ᠪᠦᠬᠦ ᠰᠤᠷᠭ᠋ᠠᠭᠤᠯᠢ ᠵᠢᠨ 《ᠰᠢᠯᠢᠳᠡᠭ ᠬᠠᠮᠳᠤ ᠨᠡᠶ᠋ᠢᠳᠡ᠎ᠪᠠᠷ ᠰᠤᠩᠭᠤᠭᠳᠠᠪᠡ᠃ ᠲᠡᠷᠡ ᠬᠠᠶ᠋ᠢᠯᠤᠰᠢᠨ ᠲᠡᠮᠦᠷᠯᠢᠭ ᠮᠡᠲ᠋ᠧᠷᠢᠶᠡᠯ᠎ᠤᠨ ᠴᠢᠳᠬᠤᠮᠠᠯ᠎ᠢ ᠰᠤᠳᠤᠯᠤᠭᠰᠠᠨ ᠲᠠᠯ᠎ᠠ᠎ᠪᠠᠷ ᠬᠠᠳᠠᠭᠤᠵᠢᠯᠳᠠᠢ ᠰᠢᠮᠳᠠᠵᠤ᠂ ᠡᠭᠦᠳᠦᠯᠳᠡ ᠭᠠᠷᠭ᠋ᠠᠪᠡ᠃ ᠲᠡᠷᠡ ᠦᠪᠤᠷ ᠮᠤᠩᠭᠤᠯ᠎ᠤᠨ ᠴᠢᠳᠬᠤᠮᠠᠯ᠎ᠤᠨ ᠨᠡᠶ᠋ᠢᠭᠡᠮᠯᠢᠭ᠎ᠤᠨ ᠬᠡᠷᠡᠭ ᠡᠷᠬᠢᠯᠡᠭᠴᠢ᠂ ᠨᠠᠷᠢᠨ ᠪᠢᠴᠢᠭ᠎ᠤᠨ ᠲᠠᠷᠤᠭ᠎ᠠ ᠵᠢ ᠬᠠᠪᠰᠤᠷᠭ᠋ᠠᠨ ᠬᠠᠷᠢᠭᠤᠴᠠᠵᠤ᠂ ᠲᠤᠮᠳᠠᠳᠤ ᠤᠯᠤᠰ᠎ᠤᠨ ᠮᠸᠠᠬᠠᠨᠢᠭ᠎ᠤᠨ ᠪᠠᠷᠢᠯᠭ᠎ᠠ ᠵᠢᠨ ᠨᠡᠶ᠋ᠢᠭᠡᠮᠯᠢᠭ᠎ᠤᠨ 《ᠪᠦᠬᠦ ᠤᠯᠤᠰ᠎ᠤᠨ ᠨᠡᠶ᠋ᠢᠭᠡᠮᠯᠢᠭ᠎ᠤᠨ ᠠᠵᠢᠯ᠎ᠤᠨ ᠢᠳᠡᠪᠬᠢᠳᠡᠨ》᠎ᠤ ᠨᠡᠷᠡᠶ᠋ᠢᠳᠤᠯ᠎ᠢ ᠤᠯᠵᠠᠢ᠃ ᠲᠡᠭᠦᠨ᠎ᠤ ᠲᠤᠰᠬᠠᠢ ᠵᠤᠬᠢᠶᠠᠯ ᠪᠦᠳᠤᠭᠡᠯ ᠎ᠳᠤ 《ᠬᠤᠪᠤᠷ ᠰᠢᠷᠤᠢ — ᠮᠠᠭᠨᠢ ᠵᠢᠨ ᠪᠦᠮᠪᠦᠭᠡᠯᠢᠭ ᠬᠠᠷ᠎ᠠ ᠴᠢᠳᠬᠤᠮᠠᠯ ᠰᠢᠷᠠᠮᠤ ᠵᠢᠨ ᠤᠶ᠋ᠢᠯᠡᠳᠪᠤᠷᠢᠯᠡᠯ》 (1973 ᠤᠨ᠎ᠳᠤ ᠦᠪᠤᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶᠠᠨ᠎ᠠᠴᠠ ᠬᠡᠪᠯᠡᠪᠡ) ᠭᠡᠳᠡᠭ ᠵᠤᠬᠢᠶᠠᠯ ᠪᠠᠶ᠋ᠢᠨ᠎ᠠ᠃ ᠦᠬᠦᠯᠡᠯ᠎ᠨᠢ 《ᠡᠯᠪᠡᠭ ᠼᠧᠷᠢ ᠬᠤᠪᠤᠷ ᠰᠢᠷᠤᠢ ᠴᠠᠬᠢᠭᠤᠷ ᠲᠡᠮᠤᠷ᠎ᠤᠨ (Ce20 ᠬᠠᠶ᠋ᠢᠯᠤᠰᠢᠨ᠎ᠤ ᠭᠦᠷᠪᠡᠯᠵᠡᠭᠦ ᠡᠮ)》 (1984 ᠤᠨ᠎ᠤ 《ᠪᠦᠮᠪᠦᠭᠡᠯᠢᠭ ᠲᠡᠮᠦᠷᠯᠢᠭ》᠎ᠤᠨ ᠭᠤᠷᠪᠠᠳᠤᠭ᠋ᠠᠷ ᠬᠤᠭᠤᠴᠠᠭ᠎ᠠ ᠪᠠᠶ᠋ᠢᠨ᠎ᠠ)᠂ 1985 ᠤᠨ᠎ᠳᠤ ᠤᠯᠤᠰ᠎ᠤᠨ ᠴᠢᠳᠬᠤᠮᠠᠯ᠎ᠤᠨ ᠵᠦᠪᠯᠡᠯ᠎ᠤᠨ ᠬᠡᠪᠯᠡᠭᠰᠡᠨ 《ᠬᠤᠪᠤᠷ ᠰᠢᠷᠤᠢ ᠵᠢᠨ ᠬᠠᠶ᠋ᠢᠯᠤᠰᠢᠨ᠎ᠤ ᠴᠢᠳᠬᠤᠮᠠᠯ ᠲᠤᠮᠳᠠᠬᠢ ᠠᠰᠢᠭᠯᠠᠯᠳᠠ》 ᠭᠡᠰᠡᠨ ᠨᠤᠮ᠎ᠳᠤ ᠰᠤᠩᠭᠤᠵᠤ ᠤᠷᠤᠭᠤᠯᠭ᠌ᠰᠠᠨ᠎ᠤ ᠬᠠᠮᠳᠤ ᠤᠯᠤᠰ᠎ᠤᠨ ᠮᠧᠬᠠᠨᠢᠭ᠎ᠤᠨ ᠵᠦᠪᠯᠡᠯ᠎ᠤᠨ ᠱᠠᠨᠳᠦ᠋ᠩ᠎ᠤᠨ ᠵᠢᠷᠤᠭ ᠲᠦᠯᠤᠪᠯᠡᠯᠭᠡ ᠵᠢᠨ ᠭᠦᠷᠢᠶᠡᠯᠡᠩ ᠎ᠠᠴᠠ ᠨᠠᠶ᠋ᠢᠷᠠᠭᠤᠯᠤᠭᠰᠠᠨ 《ᠭᠦᠷᠪᠡᠯᠵᠡᠭᠦ ᠲᠡᠮᠤᠷ᠎ᠤᠨ ᠵᠤᠬᠢᠶᠠᠯ᠎ᠤᠨ ᠲᠡᠭᠦᠪᠤᠷᠢ》᠎ᠳᠤ ᠤᠷᠤᠭᠤᠯᠪᠡ; ᠲᠡᠭᠦᠨ᠎ᠤ ᠦᠭᠦᠯᠡᠯ 《ᠴᠢᠳᠬᠤᠮᠠᠯ᠎ᠤᠨ ᠲᠤᠮᠳᠠᠭᠢ ᠬᠤᠪᠤᠷ ᠰᠢᠷᠤᠢ ᠵᠢᠨ ᠡᠯᠧᠮᠧᠨ᠋ᠲ᠎ᠤᠨ ᠤᠶ᠋ᠢᠯᠡᠳᠤᠯ》 《ᠬᠤᠶᠠᠷ ᠮᠦᠷ ᠬᠠᠯᠠᠭᠤᠨ ᠰᠠᠯᠬᠢ ᠦᠯᠢᠶᠡᠬᠦ ᠵᠢᠵᠢᠭ ᠵᠤᠭᠰᠤᠭ᠎ᠠ ᠵᠤᠤᠬ᠎ᠠ》 《ᠪᠦᠮᠪᠦᠭᠡᠯᠢᠭ ᠬᠠᠷ᠎ᠠ ᠰᠢᠷᠠᠮᠤ ᠵᠢ ᠰᠶ᠋ᠢᠳᠪᠤᠷᠢᠯᠡᠬᠦ ᠤᠶ᠋ᠢᠯᠡᠳᠤᠯ᠎ᠤᠨ ᠵᠢᠮ᠎ᠡ ᠶᠤᠰᠤ ᠵᠢᠨ ᠲᠤᠬᠠᠢ ᠬᠡᠰᠡᠭ ᠰᠤᠳᠤᠯᠭ᠎ᠠ》 《ᠭᠤᠷᠪᠠᠨ ᠲᠦᠷᠦᠯ᠎ᠤᠨ ᠦᠨᠳᠤᠰᠤᠨ ᠵᠤᠤᠬ᠎ᠠ ᠵᠢᠨ ᠵᠢᠮ᠎ᠡ ᠬᠠᠤᠯᠢ ᠬᠢᠭᠡᠳ ᠠᠰᠢᠭᠯᠠᠯᠳᠠ ᠵᠢᠨ ᠵᠠᠳᠠᠯᠤᠯᠳᠠ》 《ᠬᠤᠪᠤᠷ ᠰᠢᠷᠤᠢ ᠮᠠᠭᠨᠢ ᠵᠢᠨ ᠪᠦᠮᠪᠤᠭᠡᠯᠢᠭ ᠬᠠᠷ᠎ᠠ ᠰᠢᠷᠡᠮᠤ ᠵᠢᠨ ᠴᠢᠨᠠᠷ᠎ᠢ ᠲᠤᠭᠳᠠᠪᠤᠷᠢᠵᠢᠭᠤᠯᠬᠤ ᠲᠤᠬᠠᠢ ᠬᠡᠳᠤᠨ ᠤᠶ᠋ᠢᠯᠠᠭ᠋ᠠᠯᠳᠠ》 《ᠬᠠᠶ᠋ᠢᠯᠤᠮᠠᠯ ᠲᠡᠮᠤᠷ᠎ᠤᠨ ᠴᠢᠨᠠᠷ᠎ᠨᠢ ᠴᠢᠳᠬᠤᠮᠠᠯ ᠰᠢᠷᠠᠮᠤ ᠵᠢᠨ ᠲᠤᠳᠠᠭᠳᠠᠯ᠎ᠳᠤ ᠦᠵᠡᠭᠦᠯᠭᠦ ᠨᠦᠯᠤᠭᠡ》 ᠵᠡᠷᠭᠡ᠎ᠪᠠᠨ ᠴᠦᠮ ᠤᠷᠤᠨ ᠎ᠤ ᠲᠤᠳᠤᠷ ᠭᠠᠳᠠᠨᠠᠬᠢ ᠪᠤᠶᠤ ᠤᠯᠤᠰ᠎ᠤᠨ ᠲᠤᠳᠤᠭ᠋ᠠᠳᠤ ᠵᠢᠨ ᠲᠤᠰᠬᠠᠢ ᠰᠡᠳᠭᠦᠯ᠎ᠳᠤ ᠨᠡᠶ᠋ᠢᠳᠡᠯᠡᠭᠰᠡᠨ ᠪᠦᠭᠡᠳ ᠨᠡᠶ᠋ᠢᠭᠡᠮᠯᠢᠭ᠎ᠤᠨ ᠬᠤᠷᠠᠯ ᠲᠡᠭᠡᠷ᠎ᠡ ᠤᠩᠰᠢᠵᠤ ᠶᠠᠷᠢᠭᠰᠠᠨ ᠶᠤᠮ᠃
      ᠲᠡᠷᠡ ᠠᠮᠢᠳᠤᠷᠠᠯ᠎ᠳᠠᠭᠠᠨ ᠪᠤᠷᠤᠭᠵᠢᠭᠤᠨ᠂ ᠰᠤᠷᠳᠠᠯ᠎ᠨᠢ ᠲᠦᠪ᠂ ᠠᠰᠪᠤᠷᠢ ᠴᠠᠭ᠋ᠠᠪᠤᠷᠢ᠂ ᠪᠤᠰᠤᠳ᠎ᠢ ᠬᠠᠪᠰᠤᠷᠬᠤ ᠲᠤᠷ᠎ᠠ᠎ᠲᠠᠢ ᠪᠠᠶ᠋ᠢᠳᠠᠭ᠃ 1985 ᠤᠨ᠎ᠳᠤ ᠲᠡᠷᠡ ᠦᠪᠤᠷ ᠮᠤᠩᠭᠤᠯ᠎ᠤᠨ ᠠᠵᠤ ᠠᠬᠤᠢ ᠵᠢᠨ ᠵᠦᠪᠯᠡᠯ᠎ᠠᠴᠠ ᠪᠠᠭᠤᠯᠭ᠋ᠠᠭᠰᠠᠨ ᠮᠡᠷᠭᠡᠵᠢᠯ᠎ᠤᠨ ᠪᠤᠭᠤᠮᠳᠠ ᠰᠢᠪᠳᠤᠯᠬᠤ ᠰᠡᠳᠤᠪ — ᠲᠠᠬᠢᠨ ᠬᠠᠶ᠋ᠢᠯᠠᠭ᠋ᠠᠬᠤ ᠲᠡᠮᠤᠷ᠎ᠠᠴᠠ ᠭᠦᠭᠦᠷ ᠰᠠᠯᠭ᠋ᠠᠬᠤ ᠡᠭᠦᠷᠭᠡ ᠵᠢ ᠪᠡᠶᠡᠯᠡᠭᠦᠯᠦᠭᠰᠡᠨ ᠵᠶ᠋ᠠᠷ ᠦᠯᠤ ᠪᠠᠷᠠᠨ ᠪᠠᠰᠠ ᠰᠠᠨᠠᠭ᠋ᠠᠴᠢᠯᠠᠭ᠎ᠠ᠎ᠠᠴᠠ᠎ᠪᠠᠨ ᠤᠶ᠋ᠢᠯᠡᠳᠪᠤᠷᠢ᠂ ᠰᠢᠶᠠᠩ ᠪᠠᠯᠭ᠋ᠠᠰᠤᠨ᠎ᠤ ᠠᠵᠤ ᠠᠬᠤᠶ᠋ᠢᠯᠠᠯ᠎ᠳᠤ ᠢᠳᠡᠪᠬᠢᠳᠡᠢ᠎ᠪᠠᠷ ᠮᠡᠷᠬᠡᠵᠢᠯ᠎ᠤᠨ ᠤᠶ᠋ᠢᠯᠡᠴᠢᠯᠭᠡ ᠬᠢᠵᠤ᠂ ᠤᠶ᠋ᠢᠯᠡᠳᠪᠤᠷᠢᠯᠡᠯ᠎ᠤᠨ ᠮᠡᠷᠭᠡᠵᠢᠯ᠎ᠤᠨ ᠭᠦᠴᠢᠷ ᠪᠡᠷᠬᠡ ᠪᠤᠭᠤᠮᠳᠠ ᠵᠢ ᠬᠠᠪᠰᠤᠷᠤᠨ ᠰᠢᠪᠳᠤᠯᠵᠤ᠂ ᠠᠵᠢᠯᠴᠢᠳ᠎ᠲᠤ 《ᠪᠠᠷᠰ》 (ᠠᠵᠢᠯ᠎ᠳᠠᠭᠠᠨ ᠪᠠᠷᠰ ᠰᠢᠭ ᠵᠤᠷᠢᠭ ᠭᠦᠴᠦᠨ᠎ᠲᠠᠢ) ᠬᠡᠵᠤ ᠮᠠᠬᠳᠠᠬᠳᠠᠵᠤ ᠪᠠᠶ᠋ᠢᠪᠡ᠃ ᠲᠡᠷᠡ ᠪᠠᠰᠠ ᠲᠤᠷᠤᠶ᠋ᠢᠳᠠᠨ ᠡᠭᠦᠳᠡ᠎ᠪᠠᠨ ᠬᠠᠭ᠋ᠠᠬᠤ ᠬᠡᠵᠤ ᠪᠠᠶ᠋ᠢᠭ᠎ᠠ ᠬᠦᠬᠡᠬᠤᠳᠠ ᠵᠢᠨ ᠰᠠᠯᠬᠢᠨ ᠮᠠᠰᠢᠨ᠎ᠤ ᠤᠶ᠋ᠢᠯᠡᠳᠪᠤᠷᠢ ᠵᠢ ᠬᠠᠪᠰᠤᠷᠴᠦ ᠪᠠᠶ᠋ᠢᠭ᠋ᠠᠳ ᠪᠦᠬᠦ ᠤᠯᠤᠰ᠎ᠤᠨ ᠠᠵᠤ ᠤᠶ᠋ᠢᠯᠡᠳᠪᠤᠷᠢ ᠵᠢᠨ ᠪᠦᠳᠤᠭᠡᠭᠳᠡᠭᠦᠨ ᠤᠶ᠋ᠢᠯᠡᠳᠪᠤᠷᠢᠯᠡᠭᠦ ᠵᠦᠪᠰᠢᠶᠡᠷᠡᠯ᠎ᠤᠨ ᠦᠨᠡᠮᠯᠡᠯ᠎ᠢ ᠲᠡᠮᠡᠴᠡᠨ ᠤᠯᠵᠤ᠂ ᠲᠤᠰ ᠤᠶ᠋ᠢᠯᠡᠳᠪᠤᠷᠢ ᠵᠢ ᠲᠠᠬᠢᠨ ᠠᠮᠢᠯᠠᠭᠤᠯᠵᠤ᠂ ᠬᠦᠬᠡᠬᠤᠳᠠ ᠵᠢᠨ ᠲᠡᠭᠦᠷᠬᠡ ᠵᠢᠨ ᠠᠰᠢᠭ ᠭᠠᠶ᠋ᠢᠯᠢ ᠵᠢᠨ ᠲᠤᠮᠤ ᠨᠢᠭᠡᠴᠡ ᠪᠤᠯᠭ᠋ᠠᠵᠠᠢ᠃ ᠪᠤᠭᠤᠳᠤ ᠵᠢᠨ ᠠᠷᠠᠳ᠎ᠤᠨ ᠬᠡᠷᠡᠭᠯᠡᠭᠡᠨ᠎ᠤ ᠴᠢᠳᠬᠤᠮᠠᠯ᠎ᠤᠨ ᠤᠶ᠋ᠢᠯᠡᠳᠪᠤᠷᠢ᠂ ᠳ᠋ᠦᠩ ᠡᠾᠧ ᠵᠢᠨ ᠴᠢᠳᠬᠤᠮᠠᠯ᠎ᠤᠨ ᠤᠶ᠋ᠢᠯᠡᠳᠪᠤᠷᠢ ᠪᠡ ᠪᠠᠶᠠᠨᠨᠠᠭᠤᠷ ᠠᠶ᠋ᠢᠮᠠᠭ᠎ᠤᠨ ᠭᠤᠯᠢᠷ ᠲᠠᠯᠬᠠᠳᠠᠬᠤ ᠮᠠᠰᠢᠨ᠎ᠤ ᠤᠶ᠋ᠢᠯᠡᠳᠪᠤᠷᠢ᠎ᠳᠤ ᠴᠦ᠍ ᠲᠡᠷᠡ ᠤᠯᠠ ᠮᠦᠷ ᠵᠶ᠋ᠠᠨ ᠦᠯᠡᠳᠡᠭᠡᠵᠤ᠂ ᠬᠦᠴᠦ᠎ᠪᠠᠨ ᠡᠷᠭᠦᠭᠰᠡᠨ ᠪᠢᠯᠡ᠃
      1988 ᠤᠨ᠎ᠤ 8 ᠳ᠋ᠤᠭ᠋ᠠᠷ ᠰᠠᠷ᠎ᠠ ᠵᠢᠨ 13᠎ᠤ ᠡᠳᠤᠷ᠂ ᠵᠠᠩ ᠹᠦ᠋ ᠰᠢᠩ ᠶᠠᠳᠠᠷᠠᠯ ᠵᠦᠳᠡᠷᠡᠯ᠎ᠠᠴᠠ ᠪᠤᠯᠵᠤ ᠡᠪᠡᠳᠴᠢᠨ ᠭᠡᠮ ᠰᠠᠭᠤᠭ᠋ᠠᠳ ᠬᠠᠷᠠᠮᠰᠠᠯᠳᠠᠢ᠎ᠪᠠᠷ ᠡᠪᠡᠳᠴᠢᠨ ᠵᠶ᠋ᠠᠷ ᠨᠠᠰᠤ ᠪᠠᠷᠠᠪᠡ᠂ ᠲᠤᠰ ᠵᠢᠯ 50 ᠨᠠᠰᠤᠳᠠᠢ᠃
                《ᠤᠷᠠᠳ᠎ᠤᠨ ᠲᠤᠮᠳᠠᠳᠤ ᠬᠤᠰᠢᠭᠤᠨ᠎ᠤ ᠣᠶ᠋ᠢᠯᠠᠯᠭ᠎ᠠ》᠎ᠠᠴᠠ ᠪᠠᠭᠤᠯᠭ᠋ᠠᠪᠠ

 

ᠢᠷᠡᠯᠲᠡ᠄ ᠤᠷᠠᠳ᠎ᠤᠨ ᠲᠤᠮᠳᠠᠳᠤ ᠬᠤᠰᠢᠭᠤᠨ᠎ᠤ ᠵᠠᠰᠠᠭ᠎ᠤᠨ ᠤᠷᠳᠤᠨ᠎ᠤ ᠮᠤᠩᠭᠤᠯ ᠰᠦᠯᠵᠢᠶ᠎ᠡ