ᠴᠠᠭ᠋ᠠᠨ ᠲᠡᠮᠡᠭᠡᠨ᠎ᠤ ᠨᠢᠭᠤᠴᠠ
ᠨᠡᠶ᠋ᠢᠲᠡᠯᠡᠭᠰᠡᠨ ᠴᠠᠭ᠄ 2024-11-30
ᠮᠠᠨ᠎ᠤ ᠡᠪᠦᠭᠡ ᠳᠡᠭᠡᠳᠦᠰ ᠶᠡᠭᠡ ᠠᠵᠢᠭᠴᠢ ᠭᠢᠷᠠᠬᠠᠢ ᠤᠯᠤᠰ ᠶᠤᠮ᠃ ᠤᠯᠠᠨ ᠵᠠᠭᠤᠨ ᠵᠢᠯ᠎ᠤᠨ ᠲᠤᠷᠰᠢ ᠠᠮᠢᠳᠤᠷᠠᠯ ᠵᠶ᠋ᠠᠷ ᠰᠢᠯᠭ᠋ᠠᠭᠳᠠᠭᠰᠠᠨ ᠪᠦᠭᠦᠨ ᠵᠶ᠋ᠠᠨ ᠲ᠋ᠤᠮᠤᠭ ᠲᠡᠦᠬᠡ ᠪᠤᠯᠭ᠋ᠠᠵᠤ᠂ ᠬᠤᠶ᠋ᠢᠴᠢ ᠦᠶ᠎ᠡ᠎ᠳᠡᠭᠡᠨ ᠦᠯᠡᠳᠡᠭᠡᠳᠡᠭ ᠤᠯᠠᠮᠵᠢᠯᠠᠯ᠎ᠲᠠᠢ᠃ ᠲᠡᠭᠦᠨ᠎ᠤ ᠨᠢᠭᠡ᠎ᠨᠢ ᠴᠠᠭ᠋ᠠᠨ ᠢᠮᠠᠭ᠎ᠠ᠂ ᠴᠠᠭ᠋ᠠᠨ ᠭᠡᠭᠦᠦ᠂ ᠴᠠᠭ᠋ᠠᠨ ᠲᠡᠮᠡᠭᠡᠨ᠎ᠤ ᠲᠤᠬᠠᠢ ᠠᠵᠢᠭᠯᠠᠯᠲᠠ ᠶᠤᠮ᠃
ᠶᠠᠭᠤᠨ᠎ᠤ ᠡᠮᠦᠨ᠎ᠡ ᠲᠠᠶ᠋ᠢᠯᠪᠤᠷᠢᠯᠠᠬᠤ᠎ᠳᠤ ᠴᠠᠭ᠋ᠠᠨ ᠵᠢᠰᠦᠮ᠎ᠲᠠᠢ ᠮᠠᠯ ᠶᠡᠷᠦ᠎ᠨᠢ ᠲᠡᠶ᠋ᠢᠮᠦ ᠤᠯᠠᠨ ᠪᠢᠰᠢ᠃ ᠴᠠᠭ᠋ᠠᠨ ᠮᠠᠯ᠎ᠳᠤ ᠲᠡᠳᠦᠢ ᠯᠡ ᠳᠤᠷᠠᠲᠠᠢ ᠪᠢᠰᠢ ᠪᠠᠶ᠋ᠢᠳᠠᠭ ᠴᠦ᠍ ᠴᠠᠭ᠋ᠠᠨ ᠮᠠᠯ᠎ᠢ ᠶᠡᠬᠡᠳᠡ ᠡᠷᠭᠢᠮᠯᠡᠳᠡᠭ ᠪᠢᠯᠡ᠃
ᠴᠠᠭ᠋ᠠᠨ ᠵᠢᠰᠦᠮ᠎ᠤᠨ ᠮᠠᠯ ᠡᠪᠦᠯ᠎ᠤᠨ ᠬᠦᠢ᠍ᠲᠡᠨ᠎ᠳᠤ ᠲᠡᠰᠪᠦᠷᠢ ᠲᠡᠪᠴᠢᠶᠡᠷᠢ᠎ᠪᠠᠷ ᠮᠠᠭᠤ᠂ ᠲᠠᠭ᠋ᠠᠷᠠᠵᠤ ᠪᠡᠭᠡᠷᠡᠬᠦ᠎ᠨᠢ ᠠᠮᠠᠷᠬᠠᠨ ᠪᠠᠶ᠋ᠢᠳᠠᠭ᠎ᠨᠢ ᠦᠨᠡᠨ᠎ᠲᠠᠢ᠂ᠭᠡᠪᠡᠴᠦ ᠴᠠᠭ᠋ᠠᠨ ᠵᠢᠰᠦᠮ᠎ᠤᠨ ᠮᠠᠯ᠎ᠢ ᠡᠷᠬᠢᠮᠯᠡᠵᠦ ᠳᠡᠭᠡᠳᠦᠯᠡᠬᠦ᠎ᠨᠢ ᠱᠠᠰᠢᠨ ᠰᠢᠲᠦᠯᠭᠡ᠂ ᠪᠡᠯᠭᠡ ᠳᠡᠮᠪᠡᠷᠢᠯ᠎ᠲᠠᠢ ᠨᠢᠭᠲᠠ ᠤᠯᠪᠠᠭ᠎ᠠ ᠬᠡᠯᠬᠢᠶᠡᠲᠡᠢ ᠵᠦᠢ᠍ᠯ᠎ᠤᠨ ᠨᠢᠭᠡ ᠮᠥᠨ᠃ ᠵᠢᠱ᠌ᠢᠶᠡᠯᠡᠬᠦ᠎ᠳᠤ᠂ ᠪᠡᠯᠡᠭ ᠬᠦᠷᠭᠡᠬᠦ᠎ᠳᠡᠭᠡᠨ ᠴᠠᠭ᠋ᠠᠨ ᠮᠣᠷᠢ᠂ ᠴᠠᠭ᠋ᠠᠨ ᠲᠡᠮᠡᠭᠡ ᠵᠢᠨ ᠪᠡᠯᠡᠭ ᠬᠦᠷᠭᠡᠬᠦ ᠶᠣᠰᠣ ᠪᠠᠶ᠋ᠢᠳᠠᠭ᠃ ᠪᠠᠰᠠ ᠴᠠᠭ᠋ᠠᠨ ᠲᠡᠮᠡᠭᠡ ᠵᠢ ᠣᠩᠭᠤᠯᠠᠵᠤ᠂
ᠰᠡᠲᠡᠷᠯᠡᠳᠡᠭ ᠶᠠᠪᠤᠳᠠᠯ ᠪᠤᠢ᠃ ᠡᠳᠡᠭᠡᠷ ᠪᠦᠭᠦᠨ᠎ᠨᠢ ᠪᠢᠳᠡᠨ᠎ᠤ ᠴᠠᠭ᠋ᠠᠨ ᠥᠩᠭᠡ ᠵᠢ ᠰᠦ ᠰᠢᠭ ᠠᠷᠢᠭᠤᠨ ᠲᠤᠩᠭ᠋ᠠᠯᠠᠭ ᠰᠡᠳᠬᠢᠯ᠎ᠤᠨ ᠢᠯᠡᠷᠬᠡᠶ᠋ᠢᠯᠡᠯ ᠭᠡᠵᠦ ᠦᠵᠡᠳᠡᠭ᠎ᠲᠠᠢ ᠤᠶᠠᠯᠳᠤᠭ᠎ᠠ ᠬᠤᠯᠪᠤᠭ᠎ᠠ᠎ᠲᠠᠢ ᠭᠡᠵᠦ ᠦᠵᠡᠨ᠎ᠡ᠃ ᠴᠠᠭ᠋ᠠᠨ ᠲᠡᠮᠡᠭᠡ᠂ ᠴᠠᠭ᠋ᠠᠨ ᠢᠮᠠᠭ᠋ᠠᠨ᠎ᠤ ᠦᠰᠦ ᠨᠣᠣᠯᠣᠭᠤᠷ ᠵᠶ᠋ᠠᠷ ᠬᠠᠮᠤᠭ᠎ᠤᠨ ᠭᠤᠶᠤ ᠴᠢᠨᠠᠷᠯᠢᠭ ᠬᠤᠪᠴᠠᠰᠤ ᠬᠢᠳᠡᠭ ᠤᠴᠢᠷ ᠦᠨ᠎ᠡ ᠪᠡᠨ᠎ᠡ᠎ᠲᠠᠢ ᠪᠦᠲᠦᠭᠡᠭᠳᠡᠬᠦᠨ ᠪᠤᠯᠬᠤ ᠶᠤᠮ᠃
ᠡᠭᠦᠨ᠎ᠠᠴᠠ ᠭᠠᠳᠠᠨ᠎ᠠ ᠪᠢᠳᠡ ᠨᠠᠷ ᠴᠠᠭ᠋ᠠᠨ ᠵᠢᠰᠦᠮ᠎ᠤᠨ ᠮᠠᠯ᠎ᠤᠨ ᠵᠶ᠋ᠠᠨ ᠨᠢᠭᠡᠨ ᠥᠪᠡᠷᠮᠢᠴᠡ ᠴᠢᠨᠠᠷ᠎ᠢ ᠠᠰᠢᠭᠯᠠᠵᠤ ᠮᠡᠳᠡᠭᠰᠡᠨ ᠪᠠᠶ᠋ᠢᠨ᠎ᠠ᠃ ᠬᠠᠷ᠎ᠠ᠂ ᠪᠣᠷᠣ᠂ ᠬᠦᠷᠡᠩ᠂ ᠤᠯᠠᠭ᠋ᠠᠨ᠂ ᠪᠤᠰᠤᠳ ᠵᠢᠰᠦᠮ᠎ᠠᠴᠠ ᠢᠯᠭ᠋ᠠᠭ᠎ᠠ᠎ᠲᠠᠢ ᠨᠢᠭᠤᠴᠠ ᠤᠪᠠᠳᠢᠰ ᠴᠠᠭ᠋ᠠᠨ ᠵᠢᠰᠦᠮ᠎ᠤᠨ ᠮᠠᠯ᠎ᠳᠤ ᠪᠠᠶ᠋ᠢᠳᠠᠭ᠃ ᠬᠥᠮᠥᠰ ᠠᠯᠢᠪᠠ ᠡᠪᠡᠳᠴᠢᠨ᠎ᠢ ᠠᠨᠠᠭ᠋ᠠᠬᠤ᠎ᠳᠤ ᠴᠠᠭ᠋ᠠᠨ ᠵᠢᠰᠦᠮ᠎ᠲᠠᠢ ᠮᠠᠯ᠎ᠤᠨ ᠰᠦ ᠤᠨᠴᠠᠭ᠋ᠠᠢ ᠰᠠᠶ᠋ᠢᠨ ᠪᠤᠯᠬᠤ ᠵᠢ ᠲᠡᠦᠬᠡᠨ ᠲᠤᠷᠰᠢᠯᠭ᠎ᠠ᠎ᠪᠠᠷ ᠵᠶ᠋ᠠᠨ ᠪᠠᠲᠤᠯᠠᠵᠠᠢ᠃ ᠵᠢᠱ᠌ᠢᠶᠡᠯᠡᠬᠦ᠎ᠳᠤ᠂ ᠥᠩᠭᠡᠷᠡᠭᠰᠡᠨ ᠲᠡᠦᠬᠡᠨ᠎ᠳᠤ ᠬᠠᠭ᠋ᠠᠨ ᠡᠵᠡᠨ ᠪᠡᠲᠡᠭᠢ ᠡᠪᠡᠳᠴᠢᠨ᠎ᠲᠠᠢ ᠪᠣᠯᠤᠭᠰᠠᠨ᠎ᠳᠤ᠂ ᠡᠨᠡ ᠡᠪᠡᠳᠴᠢᠨ᠎ᠢ ᠴᠠᠭ᠋ᠠᠨ ᠲᠡᠮᠡᠭᠡᠨ᠎ᠤ ᠰᠦ᠎ᠪᠠᠷ ᠭᠤᠷᠪᠠᠨ ᠮᠥᠩᠭᠦᠨ ᠠᠶᠠᠭ᠎ᠠ ᠴᠤᠭᠤᠷᠠᠲᠠᠯ᠎ᠠ ᠢᠯᠢᠵᠦ ᠡᠮᠨᠡᠪᠡ᠃ ᠢᠩᠭᠢᠵᠦ ᠡᠮᠨᠡᠭᠰᠡᠨ᠎ᠳᠤ ᠵᠠᠮᠠᠭ ᠮᠡᠲᠦ ᠲᠤᠯᠤᠭ᠋ᠠᠨ ᠬᠡᠰᠡᠭ ᠡᠪᠡᠳᠴᠢᠨ ᠤᠨᠠᠵᠤ ᠰᠠᠶ᠋ᠢᠨ ᠪᠣᠯᠪᠠ ᠭᠡᠰᠡᠨ ᠲᠤᠮᠤᠭ ᠦᠯᠢᠭᠡᠷ ᠰᠢᠭ ᠤᠴᠢᠷ ᠰᠤᠷᠪᠤᠯᠵᠢ ᠪᠢᠴᠢᠭ᠎ᠲᠤ ᠥᠭᠦᠯᠡᠭᠰᠡᠨ ᠪᠠᠶ᠋ᠢᠳᠠᠭ᠃
ᠪᠠᠰᠠ ᠬᠠᠭ᠋ᠠᠨ ᠡᠵᠡᠨ ᠶᠡᠷᠡ ᠶᠢᠰᠦᠨ ᠴᠠᠭ᠋ᠠᠨ ᠭᠡᠭᠦᠦ ᠵᠢᠨ ᠴᠡᠭᠡ ᠤᠤᠭᠤᠳᠠᠭ ᠲᠤᠬᠠᠢ ᠮᠡᠳᠡᠭᠡ ᠪᠠᠶ᠋ᠢᠳᠠᠭ᠃ ᠴᠠᠭ᠋ᠠᠨ ᠢᠮᠠᠭ᠋ᠠᠨ᠎ᠤ ᠰᠦ᠎ᠪᠠᠷ ᠰᠤᠯᠠᠳᠠᠭ᠎ᠠ ᠶᠠᠳᠠᠷᠠᠭ᠎ᠠ᠎ᠠᠴᠠ ᠡᠬᠢᠯᠡᠭᠡᠳ ᠡᠯᠢᠭᠡ ᠰᠥᠰᠥᠨ᠎ᠤ ᠡᠪᠡᠳᠴᠢᠨ᠎ᠢ ᠢᠯᠠᠷᠢᠰᠢᠭᠤᠯᠵᠤ᠂ ᠴᠠᠭ᠋ᠠᠨ ᠭᠡᠭᠦᠦ ᠵᠢᠨ ᠰᠦ ᠠᠭᠤᠰᠬᠢ᠂ ᠶᠠᠰᠤᠨ᠎ᠤ ᠰᠦᠷᠢᠶ᠎ᠡ ᠡᠪᠡᠳᠴᠢᠨ᠎ᠢ ᠡᠳᠡᠭᠡᠭᠡᠬᠦ ᠮᠠᠷᠭᠤᠰᠢ ᠦᠭᠡᠢ ᠤᠪᠠᠳᠢᠰ᠎ᠲᠠᠢ ᠭᠡᠳᠡᠭ᠃
ᠡᠨᠡ ᠪᠦᠭᠦᠨ᠎ᠢ ᠶᠠᠭᠤᠨ᠎ᠤ ᠤᠴᠢᠷ᠎ᠲᠤ ᠢᠩᠭᠢᠵᠦ ᠬᠡᠯᠡᠳᠡᠭ ᠪᠤᠢ? ᠭᠡᠪᠡᠯ᠂ ᠴᠠᠭ᠋ᠠᠨ ᠵᠢᠰᠦᠮ᠎ᠲᠠᠢ ᠮᠠᠯ ᠨᠠᠷᠠᠨ᠎ᠤ ᠭᠡᠷᠡᠯ᠎ᠢ ᠬᠡᠷᠬᠢᠨ ᠣᠶ᠋ᠢᠯᠠᠭ᠋ᠠᠵᠤ᠂ ᠬᠡᠷᠬᠢᠨ ᠰᠢᠩᠭᠡᠭᠡᠳᠡᠭ᠂ ᠨᠠᠷᠠᠨ᠎ᠤ ᠰᠠᠴᠤᠷᠠᠭ ᠴᠠᠭ᠋ᠠᠨ ᠵᠢᠰᠦᠮ᠎ᠲᠠᠢ ᠮᠠᠯ᠎ᠳᠤ ᠬᠡᠷᠬᠢᠨ ᠨᠥᠯᠥᠭᠡᠯᠡᠳᠡᠭ᠂ ᠲᠡᠭᠦᠨ᠎ᠤ ᠢᠯᠴᠢ ᠲᠤᠶᠠᠭ᠋ᠠᠨ᠎ᠳᠤ ᠮᠠᠯ᠎ᠤᠨ ᠮᠢᠬ᠎ᠠ ᠰᠦ ᠵᠢᠨ ᠤᠭᠤᠷᠠᠭ᠂ ᠢᠯᠴᠢᠯᠢᠭ ᠬᠡᠷᠬᠢᠨ ᠥᠭᠡᠷᠡᠴᠢᠯᠡᠭᠳᠡᠳᠡᠭ ᠭᠡᠬᠦ ᠮᠡᠲᠦ ᠵᠢᠨ ᠤᠯᠠᠨ ᠠᠰᠠᠭᠤᠯᠳᠠ ᠳᠤᠷᠠᠳᠤᠭᠳᠠᠬᠤ ᠪᠣᠯᠣᠨ᠎ᠠ᠃ ᠣᠳᠣᠬᠠᠨ᠎ᠳᠠᠭᠠᠨ ᠰᠢᠨᠵᠢᠯᠡᠬᠦ ᠤᠬᠠᠭ᠋ᠠᠨ ᠡᠨᠡ ᠠᠰᠠᠭᠤᠯᠳᠠ᠎ᠳᠤ ᠬᠠᠷᠢᠭᠤᠯᠲᠠ ᠥᠭᠴᠦ ᠴᠢᠳᠠᠭ᠎ᠠ ᠦᠭᠡᠢ ᠪᠠᠶ᠋ᠢᠬ᠎ᠠ ᠭᠡᠵᠦ ᠪᠤᠳᠤᠵᠤ ᠪᠠᠶ᠋ᠢᠨ᠎ᠠ᠃ ᠤᠤᠯ ᠨᠢᠭᠤᠴᠠ ᠵᠢ ᠨᠡᠭᠡᠭᠡᠪᠡᠰᠦ ᠬᠥᠮᠥᠨ ᠲᠥᠷᠥᠯᠬᠢᠲᠡᠨ᠎ᠤ ᠡᠷᠡᠭᠦᠯ ᠰᠠᠷᠠᠭᠤᠯ ᠠᠮᠢᠳᠤᠷᠠᠵᠤ ᠤᠷᠳᠦ ᠨᠠᠰᠤᠯᠠᠬᠤ᠎ᠳᠤ ᠨᠢᠭᠡᠨ ᠭᠠᠶ᠋ᠢᠬᠠᠮᠰᠢᠭ᠎ᠤᠨ ᠣᠨᠢᠰᠤᠨᠤ ᠲᠦᠯᠬᠢᠭᠦᠷ᠎ᠢ ᠣᠯᠬᠤ ᠪᠠᠶ᠋ᠢᠬ᠎ᠠ᠃
(ᠮ᠊ · ᠡᠷᠳᠡᠨᠢᠰᠤᠪᠤᠳ᠎ᠤᠨ ᠵᠣᠬᠢᠶᠠᠵᠤ ᠨᠠᠶ᠋ᠢᠷᠠᠭᠤᠯᠤᠭᠰᠠᠨ 《ᠠᠯᠲᠠᠨ ᠪᠤᠶ᠋ᠢᠯᠡ》 ᠨᠣᠮ᠎ᠠᠴᠠ ᠰᠣᠩᠭᠤᠪᠠ)
ᠢᠷᠡᠯᠲᠡ᠄ ᠲᠤᠮᠳᠠᠳᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ