ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠤᠷᠠᠳ ᠠᠷᠠᠳ᠎ᠤᠨ ᠳᠠᠭᠤᠤ —《ᠴᠠᠰᠤ᠎ᠨᠢ ᠶᠡᠬᠡ ᠪᠣᠯᠪᠠᠴᠤ》

ᠨᠡᠶ᠋ᠢᠲᠡᠯᠡᠭᠰᠡᠨ ᠴᠠᠭ᠄   2024-08-09

      ᠬᠤᠷᠢᠮ ᠨᠠᠢ᠌ᠷ᠎ᠤᠨ ᠬᠡᠦᠬᠡᠨ ᠮᠣᠷᠳᠠᠭᠤᠯᠬᠤ ᠦᠶ᠎ᠡ ᠵᠢᠨ ᠳᠠᠭᠤᠤ ᠪᠣᠯᠣᠨ᠎ᠠ


ᠴᠠᠰᠤ᠎ᠨᠢ ᠶᠡᠬᠡ ᠪᠣᠯᠪᠠᠴᠤ
ᠴᠠᠭ᠋ᠠᠨ ᠮᠣᠷᠢ᠎ᠨᠢ ᠪᠥᠮᠪᠥᠯᠵᠡᠨ᠎ᠡ᠂
ᠴᠠᠭ᠋ᠠᠨ ᠰᠠᠷ᠎ᠠ ᠵᠢᠨ ᠰᠢᠨ᠎ᠡ᠎ᠳᠤ᠎ᠨᠢ
ᠬᠡᠦᠬᠡᠨ ᠦᠷ᠎ᠡ ᠮᠢᠨᠢ ᠪᠥᠮᠪᠥᠯᠵᠡᠨ᠎ᠡ᠃


ᠲᠦᠮᠡᠨ ᠬᠣᠨᠢᠨ᠎ᠤ ᠳᠤᠮᠳᠠ᠎ᠠᠴᠠ
ᠲᠦᠯᠦᠭᠡᠨ ᠬᠣᠨᠢ᠎ᠨᠢ ᠪᠥᠮᠪᠥᠯᠵᠡᠨ᠎ᠡ᠂
ᠲᠦᠮᠡᠨ ᠬᠣᠨᠢᠨ᠎ᠤ ᠳᠤᠮᠳᠠ᠎ᠠᠴᠠ
ᠬᠡᠦᠬᠡᠨ ᠦᠷ᠎ᠡ᠎ᠨᠢ ᠪᠥᠮᠪᠥᠯᠵᠡᠨ᠎ᠡ᠃


ᠬᠠᠵᠠᠭ᠋ᠠᠷᠰᠢᠭ᠋ᠠᠲᠠᠢ ᠬᠠᠷ᠎ᠠ ᠮᠣᠷᠢ
ᠬᠠᠨᠢᠯᠠᠰᠢᠭ᠋ᠠᠲᠠᠢ ᠬᠡᠦᠬᠡᠨ ᠦᠷ᠎ᠡ᠂
ᠡᠮᠡᠭᠡᠯᠰᠢᠭᠡᠲᠡᠢ ᠡᠯᠮᠡᠭ ᠮᠣᠷᠢ
ᠢᠵᠢᠯᠢᠰᠢᠬᠡᠲᠡᠢ ᠬᠡᠦᠬᠡᠨ ᠦᠷ᠎ᠡ᠃


ᠠᠯᠢᠮ᠎ᠠ᠎ᠨᠢ ᠤᠷᠭᠤᠭ᠋ᠠᠳᠠᠢ
ᠠᠯᠢᠮ᠎ᠠ ᠵᠢᠨ ᠮᠣᠳᠣ᠂
ᠠᠭ᠋ᠠᠰᠢ᠎ᠪᠠᠨ ᠰᠤᠷᠤᠭ᠋ᠠᠳᠠᠢ
ᠬᠡᠦᠬᠡᠨ ᠦᠷ᠎ᠡ᠃


ᠦᠵᠦᠮ᠎ᠨᠢ ᠤᠷᠭᠤᠭ᠋ᠠᠳᠠᠢ
ᠦᠵᠦᠮ ᠵᠢᠨ ᠮᠣᠳᠣ᠂
ᠦᠢ᠍ᠯᠡ᠎ᠪᠠᠨ ᠰᠤᠷᠤᠭ᠋ᠠᠳᠠᠢ
ᠬᠡᠦᠬᠡᠨ ᠦᠷ᠎ᠡ᠃


ᠵᠢᠮᠢᠰ᠎ᠨᠢ ᠤᠷᠭᠤᠭ᠋ᠠᠳᠠᠢ
ᠵᠢᠮᠢᠰ᠎ᠤᠨ ᠮᠣᠳᠣ᠂
ᠵᠢᠮ᠎ᠡ᠎ᠪᠠᠨ ᠰᠤᠷᠤᠭ᠋ᠠᠳᠠᠢ
ᠬᠡᠦᠬᠡᠨ ᠦᠷ᠎ᠡ᠃


ᠠᠷᠤ᠎ᠳᠤ᠎ᠨᠢ ᠤᠷᠭᠤᠭᠰᠠᠨ
ᠠᠷᠴᠠ ᠵᠢᠨ ᠮᠣᠳᠣ᠂
ᠦᠢ᠍ᠯᠡ᠎ᠪᠠᠨ ᠰᠤᠷᠤᠭ᠋ᠠᠳᠠᠢ
ᠬᠡᠦᠬᠡᠨ ᠦᠷ᠎ᠡ᠃


ᠥᠪᠥᠷ᠎ᠲᠤ᠎ᠨᠢ ᠤᠷᠭᠤᠭᠰᠠᠨ
ᠥᠯᠥᠭᠡᠢ ᠵᠢᠨ ᠮᠤᠳᠤ᠂
ᠥᠯᠥᠭᠡᠢ᠌ᠰᠢᠭᠦᠯᠵᠦ ᠥᠰᠭᠡᠭᠰᠡᠨ
ᠬᠡᠦᠬᠡᠨ ᠦᠷ᠎ᠡ᠃


ᠡᠩᠭᠡᠷ᠎ᠲᠤ᠎ᠨᠢ ᠤᠷᠭᠤᠭᠰᠠᠨ
ᠡᠷᠪᠡᠬᠡᠢ ᠮᠣᠳᠣ᠂
ᠡᠩᠬᠦᠷᠡᠢ᠌ᠯᠡᠵᠦ ᠥᠰᠭᠡᠭᠰᠡᠨ
ᠬᠡᠦᠬᠡᠨ ᠦᠷ᠎ᠡ᠃

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ