ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠤᠷᠠᠳ ᠠᠷᠠᠳ᠎ᠤᠨ ᠳᠠᠭᠤᠤ —《ᠽᠠᠨᠪᠤᠲᠢᠪ᠎ᠤᠨ ᠰᠢᠵᠢᠷ ᠬᠥᠷᠳᠦ》

ᠨᠡᠶ᠋ᠢᠲᠡᠯᠡᠭᠰᠡᠨ ᠴᠠᠭ᠄   2024-08-09

ᠽᠠᠨᠪᠤᠲᠢᠪ᠎ᠤᠨ ᠰᠢᠵᠢᠷ ᠬᠥᠷᠳᠥᠨ᠎ᠠᠴᠠ
ᠰᠠᠯᠬᠢᠨ ᠯᠡ ᠭᠠᠷᠳᠠᠭ ᠪᠠ᠂
ᠰᠠᠷᠠᠭᠤᠯ ᠮᠡᠷᠭᠡᠨ ᠤᠬᠠᠭ᠋ᠠᠨ᠎ᠠᠴᠠ
ᠦᠭᠡ᠎ᠨᠢ ᠭᠠᠷᠳᠠᠭ ᠪᠠ᠃


ᠤᠷᠲᠤ ᠮᠥᠷᠡᠨ ᠥᠷᠭᠡᠨ ᠳᠠᠯᠠᠢ᠎ᠠᠴᠠ
ᠡᠭᠦᠯᠡ᠎ᠨᠢ ᠭᠠᠷᠳᠠᠭ ᠪᠠ᠂
ᠤᠷᠠᠨ ᠮᠡᠷᠭᠡᠨ ᠤᠬᠠᠭ᠋ᠠᠨ᠎ᠠᠴᠠ
ᠦᠭᠡ᠎ᠨᠢ ᠭᠠᠷᠳᠠᠭ ᠪᠠ᠃


ᠠᠲᠠᠨ ᠲᠡᠮᠡᠭᠡ ᠠᠴᠢᠶ᠎ᠠ ᠳᠥᠭᠥᠷᠡᠩ
ᠠᠪᠤ ᠵᠢᠨ ᠮᠢᠨᠢ ᠬᠠᠢ᠌ᠷ᠎ᠠ ᠰᠢᠦ᠂
ᠠᠯᠲᠠ ᠮᠥᠩᠭᠥ ᠬᠠᠳᠠᠭ ᠲᠣᠷᠭ᠎ᠠ
ᠠᠪᠤ ᠵᠢᠨ ᠮᠢᠨᠢ ᠬᠡᠰᠢᠭ ᠰᠢᠦ᠃


ᠮᠠᠩᠬᠢᠲᠦ ᠬᠠᠯᠢᠭᠤᠨ ᠮᠣᠷᠢ ᠮᠢᠨᠢ᠂
ᠮᠥᠮᠥ ᠵᠢᠨ ᠮᠢᠨᠢ ᠪᠢᠯᠢᠭ ᠰᠢᠦ᠂
ᠮᠢᠨᠳᠠᠰᠤᠨ ᠲᠣᠷᠭ᠋ᠠᠨ ᠬᠠᠳᠠᠭ ᠮᠢᠨᠢ
ᠮᠥᠮᠥ ᠵᠢᠨ ᠮᠢᠨᠢ ᠠᠮᠤᠷ ᠰᠢᠦ᠃


ᠬᠡᠭᠡᠷ ᠮᠣᠷᠢ ᠭᠡᠭᠡᠨᠴᠢᠷ ᠵᠢᠷᠣᠭ᠎ᠠ
ᠬᠡᠬᠡᠷ᠎ᠡ ᠵᠢᠨ ᠵᠠᠮ᠎ᠳᠤ᠎ᠪᠠᠨ ᠰᠢᠦ᠂
ᠬᠥᠮᠥᠨ ᠪᠥᠬᠥᠨ᠎ᠤ ᠵᠢᠮ᠎ᠡ ᠶᠣᠰᠣ
ᠡᠢ᠌ᠮᠦ ᠯᠠ ᠪᠠᠢ᠌ᠳᠠᠭ ᠰᠢᠦ᠃

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ