ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠤᠷᠠᠳ ᠠᠷᠠᠳ᠎ᠤᠨ ᠳᠠᠭᠤᠤ —《ᠥᠵᠥᠭᠥᠷ᠎ᠤᠨ ᠥᠨᠳᠥᠷ ᠮᠣᠳᠣ》

ᠨᠡᠶ᠋ᠢᠲᠡᠯᠡᠭᠰᠡᠨ ᠴᠠᠭ᠄   2024-08-09

      ᠠᠷᠠᠳ᠎ᠤᠨ ᠳᠤᠮᠳᠠ ᠵᠣᠬᠢᠶᠠᠭᠳᠠᠭᠰᠠᠨ ᠠᠪᠤ᠎ᠪᠠᠨ ᠰᠠᠨᠠᠭ᠋ᠠᠯᠵᠠᠭᠰᠠᠨ ᠳᠠᠭᠤᠤ ᠪᠣᠯᠣᠨ᠎ᠠ᠃


ᠥᠵᠥᠭᠦᠷ᠎ᠤᠨ ᠥᠨᠳᠦᠷ ᠮᠣᠳᠣ᠎ᠨᠢ
ᠦᠵᠦᠮ ᠵᠢᠮᠢᠰ᠎ᠨᠢ ᠡᠯᠪᠡᠭ ᠳ᠋ᠣᠣ᠂
ᠥᠨᠥᠴᠢᠨ ᠬᠥᠮᠥᠨ᠎ᠤ ᠰᠡᠳᠬᠢᠯ᠎ᠳᠤ
ᠶᠠᠮᠠᠷ ᠴᠤ᠌ ᠤᠬᠠᠭ᠋ᠠᠨ ᠡᠯᠪᠡᠭ ᠳ᠋ᠣᠣ᠃


ᠬᠡᠰᠡᠭ ᠡᠭᠦᠯᠡ᠎ᠨᠢ ᠭᠠᠷᠬᠤ᠎ᠳᠤ
ᠪᠣᠷᠣᠭ᠋ᠠᠨ ᠣᠷᠣᠨ᠎ᠠ ᠭᠡᠵᠦ ᠪᠣᠳᠣᠯ᠎ᠠ ᠳ᠋ᠣᠣ᠂
ᠬᠡᠰᠡᠭ ᠬᠥᠮᠥᠨ᠎ᠢ ᠢᠷᠡᠬᠦ᠎ᠳᠤ
ᠠᠪᠤ᠎ᠪᠠᠨ ᠢᠷᠡᠯ᠎ᠡ ᠭᠡᠵᠦ ᠬᠠᠷᠠᠯ᠎ᠠ ᠳ᠋ᠣᠣ᠃


ᠪᠦᠰᠡ ᠡᠭᠦᠯᠡ᠎ᠨᠢ ᠭᠠᠷᠬᠤᠯᠠᠷ᠎ᠨᠢ
ᠪᠣᠷᠣᠭ᠋ᠠᠨ᠎ᠨᠢ ᠣᠷᠣᠬᠤ ᠭᠡᠵᠦ ᠰᠠᠨᠠᠯ᠎ᠠ᠂
ᠪᠥᠭᠦᠳᠡ ᠬᠥᠮᠥᠰ᠎ᠨᠢ ᠢᠷᠡᠬᠦᠯᠡᠷ
ᠠᠪᠤ ᠮᠢᠨᠢ ᠢᠷᠡᠯ᠎ᠡ ᠭᠡᠵᠦ ᠪᠣᠳᠣᠯ᠎ᠠ᠃


ᠠᠷᠤ ᠭᠠᠵᠠᠷ᠎ᠤᠨ ᠡᠪᠡᠰᠦ ᠨᠣᠭᠣᠭ᠎ᠠ ᠵᠢ
ᠠᠮᠲᠠᠲᠠᠢ ᠬᠡᠵᠦ ᠢᠳᠡᠭᠡᠷᠡᠢ᠂
ᠠᠷᠤ ᠥᠪᠥᠷ ᠬᠣᠶᠠᠷ᠎ᠢ᠎ᠪᠠᠨ
ᠰᠡᠷᠡᠮᠵᠢᠯᠡᠨ ᠶᠠᠪᠤᠭ᠋ᠠᠷᠠᠢ᠃


ᠥᠪᠥᠷ ᠲᠠᠯ᠎ᠠ ᠵᠢᠨ ᠡᠪᠡᠰᠦ ᠵᠢ
ᠥᠯ᠎ᠲᠠᠢ ᠬᠡᠵᠦ ᠢᠳᠡᠭᠡᠷᠡᠢ᠂
ᠥᠭᠡᠳᠡ ᠤᠷᠤᠭᠤ ᠬᠣᠶᠠᠷ᠎ᠢ ᠵᠶ᠋ᠠᠨ
ᠰᠡᠷᠡᠮᠵᠢᠯᠡᠨ ᠶᠠᠪᠤᠭ᠋ᠠᠷᠠᠢ᠃

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ