ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠤᠷᠠᠳ ᠠᠷᠠᠳ᠎ᠤᠨ ᠳᠠᠭᠤᠤ —《ᠱᠠᠭ᠋ᠠᠵᠠᠩᠲᠤ ᠵᠢᠨ ᠳᠠᠪᠠᠭ᠎ᠠ》

ᠨᠡᠶ᠋ᠢᠲᠡᠯᠡᠭᠰᠡᠨ ᠴᠠᠭ᠄   2024-08-09

ᠱᠠᠭ᠋ᠠᠵᠠᠩᠲᠤ ᠵᠢᠨ ᠵᠶ᠋ᠠᠨ ᠳᠠᠪᠠᠭ᠎ᠠ ᠵᠢ
ᠰᠢᠷᠭ᠎ᠠ ᠮᠣᠷᠢ᠎ᠪᠠᠷ ᠵᠶ᠋ᠠᠨ ᠳᠠᠪᠠᠶ᠎ᠠ ᠳ᠋ᠠ᠂
ᠱᠠᠵᠢᠨ ᠭᠤᠷᠪᠠᠨ ᠡᠷᠳᠡᠨᠢ ᠵᠢ
ᠣᠷᠣᠢ ᠳᠡᠭᠡᠷ᠎ᠡ᠎ᠪᠠᠨ ᠰᠢᠲᠦᠶ᠎ᠡ ᠳ᠋ᠠ᠃


ᠪᠤᠷᠬᠠᠨᠲᠦ ᠵᠢᠨ ᠵᠶ᠋ᠠᠨ ᠳᠠᠪᠠᠭ᠎ᠠ ᠵᠢ
ᠪᠤᠭᠤᠷᠤᠯ ᠮᠣᠷᠢ᠎ᠪᠠᠷ ᠵᠶ᠋ᠠᠨ ᠳᠠᠪᠠᠶ᠎ᠠ ᠳ᠋ᠠ᠂
ᠪᠤᠷᠬᠠᠨ ᠭᠤᠷᠪᠠᠨ ᠡᠷᠳᠡᠨᠢ ᠵᠢ
ᠣᠷᠣᠢ ᠳᠡᠭᠡᠷ᠎ᠡ᠎ᠪᠠᠨ ᠰᠢᠲᠦᠶ᠎ᠡ ᠳ᠋ᠠ᠃


ᠡᠯᠡᠰᠦᠲᠡᠢ ᠵᠢᠨ ᠵᠶ᠋ᠠᠨ ᠳᠠᠪᠠᠭ᠎ᠠ ᠵᠢ
ᠡᠯᠮᠡᠭ ᠰᠢᠷᠭ᠎ᠠ᠎ᠪᠠᠷ ᠵᠶ᠋ᠠᠨ ᠳᠠᠪᠠᠶ᠎ᠠ ᠳ᠋ᠠ᠂
ᠡᠵᠢ ᠠᠪᠤ ᠬᠣᠶᠠᠷ ᠵᠶ᠋ᠠᠨ
ᠡᠯᠡᠭᠡᠨ ᠳᠣᠲᠣᠷ᠎ᠠ᠎ᠪᠠᠨ ᠰᠢᠲᠦᠶ᠎ᠡ ᠳ᠋ᠠ᠃


ᠬᠤᠯᠤᠰᠤᠲᠠᠢ ᠵᠢᠨ ᠵᠶ᠋ᠠᠨ ᠳᠠᠪᠠᠭ᠎ᠠ ᠵᠢ
ᠬᠤᠯᠠᠨ ᠮᠣᠷᠢ᠎ᠪᠠᠷ ᠵᠶ᠋ᠠᠨ ᠳᠠᠪᠠᠶ᠎ᠠ ᠳ᠋ᠠ᠂
ᠬᠤᠸᠠᠷᠠᠭ ᠱᠠᠵᠢᠨ ᠬᠣᠶᠠᠷ᠎ᠢ
ᠣᠷᠣᠢ ᠳᠡᠭᠡᠷ᠎ᠡ᠎ᠪᠠᠨ ᠰᠢᠲᠦᠶ᠎ᠡ ᠳ᠋ᠠ᠃

 

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ