ᠤᠷᠠᠳ ᠠᠷᠠᠳ᠎ᠤᠨ ᠳᠠᠭᠤᠤ —《ᠪᠣᠷᠣᠩ ᠬᠠᠨ᠎ᠤ ᠪᠤᠷᠭ᠋ᠠᠰᠤ》
ᠨᠡᠶ᠋ᠢᠲᠡᠯᠡᠭᠰᠡᠨ ᠴᠠᠭ᠄ 2024-08-09
ᠪᠣᠷᠣᠩ ᠬᠠᠨ᠎ᠤ ᠪᠤᠷᠭ᠋ᠠᠰᠤ᠎ᠨᠢ
ᠬᠡᠳᠦᠢ ᠪᠣᠭᠣᠨᠢ ᠪᠣᠯᠪᠠᠴᠤ᠂
ᠬᠠᠪᠤᠷ᠎ᠤᠨ ᠭᠤᠷᠪᠠᠨ ᠰᠠᠷ᠎ᠠ᠎ᠳᠤ
ᠥᠨᠳᠥᠷᠯᠡᠬᠦ ᠵᠢᠨ ᠰᠢᠨᠵᠢ᠎ᠲᠠᠢ᠃
ᠪᠠᠳᠤᠷᠢᠶᠠ ᠵᠢᠨ ᠨᠢᠭᠡᠨ ᠴᠢᠯᠠᠭᠤ᠎ᠨᠢ
ᠬᠡᠳᠦᠢ ᠬᠥᠨᠳᠦ ᠪᠣᠯᠪᠠᠴᠤ᠂
ᠦᠶᠡᠷ ᠤᠰᠤᠨ᠎ᠤ ᠳᠣᠯᠭᠢᠶᠠᠨᠳᠤ
ᠰᠢᠯᠵᠢᠬᠦ ᠵᠢᠨ ᠨᠢᠭᠡᠨ ᠰᠢᠨᠵᠢ᠎ᠲᠠᠢ᠃
ᠠᠷᠰᠯᠠᠨ᠎ᠤ ᠵᠤᠯᠵᠠᠭ᠎ᠠ ᠵᠢ
ᠪᠠᠷᠢᠶ᠎ᠠ ᠭᠡᠪᠡᠯ ᠴᠢ᠂
ᠠᠷᠲᠠᠭ ᠪᠠᠭ᠎ᠠ ᠪᠠᠢ᠌ᠬᠤ᠎ᠳᠤ᠎ᠨᠢ
ᠠᠷᠭ᠋ᠠᠴᠢᠯᠠᠨ ᠪᠠᠷᠢᠯᠳᠠᠢ᠃
ᠠᠬ᠎ᠠ ᠶᠡᠬᠡ ᠬᠥᠮᠥᠨ᠎ᠲᠠᠢ
ᠬᠠᠨᠢᠯᠠᠶ᠎ᠠ ᠭᠡᠪᠡᠯ ᠴᠢ᠂
ᠠᠷᠳᠠᠭ ᠵᠠᠩ ᠵᠶ᠋ᠠᠨ ᠣᠷᠬᠢᠵᠤ
ᠠᠶᠤᠬᠤ ᠵᠢᠨ ᠰᠡᠳᠬᠢᠯ᠎ᠢ ᠪᠠᠷᠢᠯᠳᠠᠢ᠃
ᠪᠠᠷᠰ᠎ᠤᠨ ᠨᠢᠭᠡᠨ ᠵᠤᠯᠵᠠᠭ᠎ᠠ ᠵᠢ
ᠪᠠᠷᠢᠶ᠎ᠠ ᠭᠡᠪᠡᠯ ᠴᠢ᠂
ᠪᠠᠯᠴᠢᠷ ᠪᠠᠭ᠎ᠠ ᠪᠠᠢ᠌ᠬᠤ᠎ᠳᠤ᠎ᠨᠢ
ᠪᠠᠭ᠋ᠠᠲᠤᠷᠴᠢᠯᠠᠨ ᠪᠠᠷᠢᠯᠳᠠᠢ᠃
ᠶᠠᠬᠡ ᠪᠠᠭ᠎ᠠ ᠬᠥᠮᠥᠨ᠎ᠲᠠᠢ
ᠬᠠᠨᠢᠯᠠᠶ᠎ᠠ ᠭᠡᠪᠡᠯ ᠴᠢ᠂
ᠪᠠᠷᠳᠠᠮ ᠵᠠᠩ ᠵᠶ᠋ᠠᠨ ᠣᠷᠬᠢᠵᠤ
ᠪᠠᠭ᠋ᠠᠬᠠᠨ ᠰᠡᠳᠬᠢᠯ᠎ᠢ ᠪᠠᠷᠢᠯᠳᠠᠢ᠃
ᠵᠦᠷ᠎ᠤᠨ ᠨᠢᠭᠡᠨ ᠵᠤᠯᠵᠠᠭ᠎ᠠ ᠵᠢ
ᠪᠠᠷᠢᠶ᠎ᠠ ᠭᠡᠪᠡᠯ ᠴᠢ᠂
ᠵᠥᠯᠭᠡᠨ ᠳᠤᠮᠳᠠ᠎ᠪᠠᠨ ᠪᠠᠢ᠌ᠬᠤ᠎ᠳᠤ᠎ᠨᠢ
ᠵᠦᠢ᠍ᠴᠢᠯᠡᠨ ᠪᠠᠷᠢᠯᠳᠠᠢ᠃
ᠵᠦᠢ᠍ᠯ ᠪᠦᠷᠢ ᠵᠢᠨ ᠬᠥᠮᠥᠨ᠎ᠲᠠᠢ
ᠬᠠᠨᠢᠯᠠᠶ᠎ᠠ ᠭᠡᠪᠡᠯ ᠴᠢ᠂
ᠵᠦᠷᠢᠭᠦᠦ ᠵᠠᠩ ᠵᠶ᠋ᠠᠨ ᠣᠷᠬᠢᠵᠤ
ᠵᠥᠭᠡᠯᠡᠨ ᠰᠡᠳᠬᠢᠯ᠎ᠢ ᠪᠠᠷᠢᠯ᠎ᠲᠠᠢ᠃
ᠬᠦᠷᠡᠩ ᠤᠯᠠᠭ᠋ᠠᠨ ᠴᠢᠯᠠᠭᠤ᠎ᠨᠢ
ᠬᠡᠳᠦᠢ ᠬᠥᠨᠳᠦ ᠪᠣᠯᠪᠠᠴᠤ᠂
ᠦᠶᠡᠷ ᠤᠰᠤᠨ᠎ᠤ ᠳᠣᠯᠬᠢᠶᠠᠨ᠎ᠳᠤ
ᠰᠢᠯᠵᠢᠬᠦ᠎ᠨᠢ ᠰᠢᠨᠵᠢᠲᠡᠢ᠃
ᠬᠥᠮᠥᠨ᠎ᠤ ᠨᠢᠭᠡᠨ ᠦᠷ᠎ᠡ᠎ᠨᠢ
ᠬᠡᠳᠦᠢ ᠪᠠᠭ᠎ᠠ ᠪᠣᠯᠪᠠᠴᠤ᠂
ᠡᠷᠬᠢᠮ᠎ᠵᠢ ᠵᠢᠨ ᠬᠢᠨᠢ ᠬᠥᠴᠦᠨ᠎ᠳᠤ
ᠳᠡᠭᠵᠢᠷᠡᠬᠦ᠎ᠨᠢ ᠰᠢᠨᠵᠢᠲᠡᠢ᠃
ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ