ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠤᠷᠠᠳ ᠠᠷᠠᠳ᠎ᠤᠨ ᠳᠠᠭᠤᠤ —《ᠲᠣᠭᠲᠠ ᠭᠣᠣᠯ᠎ᠤᠨ ᠤᠰᠤ》

ᠨᠡᠶ᠋ᠢᠲᠡᠯᠡᠭᠰᠡᠨ ᠴᠠᠭ᠄   2024-08-09

ᠲᠣᠭᠲᠠ ᠭᠣᠣᠯ᠎ᠤᠨ ᠤᠰᠤ᠎ᠨᠢ
ᠲᠣᠬᠣᠢ ᠡᠷᠬᠢᠨ᠎ᠤ᠎ᠪᠠᠨ ᠬᠥᠴᠥᠨ᠎ᠳᠤ᠂
ᠲᠣᠭᠯᠠᠨ ᠰᠠᠭᠤᠬᠤ ᠵᠢᠷᠭ᠋ᠠᠯ᠎ᠨᠢ
ᠲᠥᠷᠥ ᠶᠣᠰᠣᠨ᠎ᠤ᠎ᠪᠠᠨ ᠬᠥᠴᠥᠨ᠎ᠳᠤ᠃
      ᠠᠶ᠎ᠠ ᠴᠤ᠌ ᠸᠠᠢ᠌ᠳᠤ᠎ᠠ ᠯᠠ
      ᠮᠢᠨᠤ ᠯᠠ ᠽᠠᠢ
ᠬᠠᠷᠠᠩᠭᠤᠢ᠎ᠳᠤ᠎ᠪᠠᠨ ᠮᠠᠨᠳᠤᠭᠰᠠᠨ
ᠬᠠᠮᠣᠭ ᠣᠳᠣ᠎ᠨᠢ ᠳᠤᠷ᠎ᠠ᠎ᠪᠠᠷ ᠵᠶ᠋ᠠᠨ᠂
ᠬᠠᠷᠢ ᠵᠢᠨ ᠴᠠᠭ᠎ᠤᠨ ᠴᠢᠯᠦᠭᠡᠨ᠎ᠳᠤ᠎ᠪᠠᠨ
ᠬᠠᠭᠤᠷᠠᠮᠴᠢ᠎ᠨᠢ ᠳᠤᠷ᠎ᠠ᠎ᠪᠠᠷ ᠵᠶ᠋ᠠᠨ᠃
      ᠠᠶ᠎ᠠ ᠴᠤ᠌ ᠸᠠᠢ᠌ᠳᠤ᠎ᠠ ᠯᠠ
      ᠮᠢᠨᠤ ᠯᠠ ᠽᠠᠢ
ᠬᠤᠷᠴᠠ ᠭᠡᠭᠴᠢ ᠨᠠᠷᠠᠨ᠎ᠨᠢ
ᠬᠤᠷᠳᠤᠨ ᠭᠡᠭᠴᠢ ᠮᠠᠨᠳᠤᠭ᠋ᠠᠰᠠᠢ᠂
ᠬᠠᠤᠯᠢ ᠶᠣᠰᠣᠨ᠎ᠤ᠎ᠪᠠᠨ ᠬᠥᠴᠥᠨ᠎ᠳᠤ
ᠬᠣᠲᠣᠭ ᠬᠡᠰᠢᠭ᠎ᠲᠠᠢ ᠪᠣᠯᠲᠤᠭ᠋ᠠᠢ᠃
      ᠠᠶ᠎ᠠ ᠴᠤ᠌ ᠸᠠᠢ᠌ᠳᠤ᠎ᠠ ᠯᠠ
      ᠮᠢᠨᠤ ᠯᠠ ᠽᠠᠢ
ᠡᠷᠲᠡ ᠵᠢᠨ ᠴᠠᠭ᠋ᠠᠨ ᠪᠣᠶᠠᠨ ᠵᠶ᠋ᠠᠷ
ᠡᠨᠡ ᠬᠣᠢ᠌ᠲᠤ ᠵᠢᠨ ᠬᠡᠰᠢᠭ ᠵᠶ᠋ᠡᠷ᠂
ᠡᠷᠬᠢᠮ ᠰᠠᠢ᠌ᠬᠠᠨ ᠵᠢᠷᠭ᠋ᠠᠯ ᠮᠢᠨᠢ
ᠡᠩᠬᠡᠵᠢᠬᠦ ᠪᠣᠯᠲᠤᠭ᠋ᠠᠢ!
      ᠠᠶ᠎ᠠ ᠴᠤ᠌ ᠸᠠᠢ᠌ᠳᠤ᠎ᠠ ᠯᠠ
      ᠮᠢᠨᠤ ᠯᠠ ᠽᠠᠢ
ᠡᠷᠲᠡ ᠠᠷᠢᠭᠤᠨ ᠢᠷᠦᠭᠡᠯ ᠵᠶ᠋ᠡᠷ
ᠡᠵᠡᠨ ᠬᠠᠭ᠋ᠠᠨ᠎ᠤ ᠰᠦᠯᠳᠡ᠎ᠪᠠᠷ᠂
ᠡᠷᠳᠡᠨᠢᠰ᠎ᠤᠨ ᠲᠥᠷᠥᠯ᠎ᠳᠤ
ᠬᠦᠷᠦᠭᠦᠯᠬᠦ ᠪᠣᠯᠲᠤᠭ᠋ᠠᠢ!
      ᠠᠶ᠎ᠠ ᠴᠤ᠌ ᠸᠠᠢ᠌ᠳᠤ᠎ᠠ ᠯᠠ
      ᠮᠢᠨᠤ ᠯᠠ ᠽᠠᠢ
ᠲᠥᠷᠥ ᠱᠠᠵᠢᠨ ᠳᠡᠯᠭᠡᠷᠡᠨ
ᠲᠥᠮᠡᠨ ᠣᠨ᠎ᠳᠤ᠎ᠪᠠᠨ ᠪᠠᠳᠠᠷᠠᠨ᠂
ᠲᠥᠷᠥᠭᠰᠡᠩᠬᠡᠨ ᠪᠡᠶ᠎ᠡ᠎ᠳᠤ ᠮᠢᠨᠤ
ᠲᠥᠰᠢᠭ ᠪᠠᠲᠤ ᠪᠣᠯᠲᠤᠭ᠋ᠠᠢ!
      ᠠᠶ᠎ᠠ ᠴᠤ᠌ ᠸᠠᠢ᠌ᠳᠤ᠎ᠠ ᠯᠠ
      ᠮᠢᠨᠤ ᠯᠠ ᠽᠠᠢ

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ