ᠤᠷᠠᠳ ᠠᠷᠠᠳᠤᠨ ᠳᠠᠭᠤᠤ —《ᠪᠣᠭᠳᠠ ᠵᠢᠨ ᠥᠨᠳᠦᠷ ᠬᠦᠷᠢᠶᠡ》
ᠨᠡᠶ᠋ᠢᠲᠡᠯᠡᠭᠰᠡᠨ ᠴᠠᠭ᠄ 2024-08-09
ᠪᠣᠭᠳᠠ ᠵᠢᠨ ᠥᠨᠳᠦᠷ ᠬᠥᠷᠢᠶᠡᠨᠳᠤᠪᠠᠨ
ᠡᠭᠦᠯᠡ ᠮᠠᠨᠠᠨᠨᠢ ᠲᠠᠲᠠᠨᠠ ᠳ᠋ᠠ᠂
ᠪᠤᠴᠠᠵᠤ ᠢᠷᠡᠭᠡᠳ ᠬᠠᠷᠠᠬᠤᠢᠳᠤ
ᠦᠨᠡᠬᠡᠷ ᠴᠦ᠍ ᠰᠠᠢ᠌ᠬᠠᠨ ᠬᠠᠷᠠᠭᠳᠠᠨᠠ ᠳ᠋ᠠ ᠬᠥ᠋᠃
ᠰᠤᠪᠠᠭ ᠲᠠᠲᠠᠭ᠋ᠠᠳ ᠭᠦᠶᠦᠭᠴᠢ
ᠰᠤᠮᠤᠨ ᠭᠣᠣᠯᠲᠤ ᠬᠠᠯᠢᠭᠤᠨ ᠳ᠋ᠠ ᠬᠥ᠋᠂
ᠰᠤᠷᠭ᠋ᠠᠯ ᠲᠠᠯᠪᠢᠭ᠋ᠠᠳ ᠰᠠᠭᠤᠭᠴᠢ
ᠡᠮᠡᠭᠡᠨ ᠪᠤᠭᠤᠷᠤᠯ ᠡᠵᠢ ᠮᠢᠨᠢ ᠳ᠋ᠠ ᠬᠥ᠋᠃
ᠡᠩᠭᠡᠷ ᠳᠠᠭ᠋ᠠᠭ᠋ᠠᠳ ᠭᠦᠶᠦᠭᠴᠢ
ᠡᠷᠢᠶᠡᠨ ᠭᠣᠣᠯᠲᠤ ᠬᠠᠯᠢᠭᠤᠨ ᠳ᠋ᠠ ᠬᠥ᠋᠂
ᠡᠷᠬᠢᠮ ᠰᠤᠷᠭ᠋ᠠᠯ ᠵᠶ᠋ᠠᠨ ᠲᠠᠯᠪᠢᠭᠴᠢ
ᠡᠪᠦᠭᠡᠨ ᠪᠤᠭᠤᠷᠤᠯ ᠠᠪᠤ ᠮᠢᠨᠢ ᠳ᠋ᠠ ᠬᠦ᠋᠃
ᠡᠷᠳᠡᠨᠢ ᠮᠡᠲᠦ ᠡᠳ᠋ᠢᠪᠠᠨ
ᠡᠷᠢᠵᠦ ᠰᠤᠷᠠᠭᠯᠠᠭ᠋ᠠᠳ ᠣᠯᠣᠨᠠ ᠳ᠋ᠠ ᠬᠥ᠋᠂
ᠡᠷᠳᠡᠨᠢᠠᠴᠠ ᠢᠯᠡᠭᠦᠦ ᠰᠤᠷᠭ᠋ᠠᠯᠢ
ᠡᠷᠬᠢᠵᠦ ᠬᠠᠮᠢᠭᠠᠠᠴᠠ ᠣᠯᠣᠨᠠ ᠳ᠋ᠠ ᠬᠥ᠋᠃
ᠰᠤᠪᠤᠳ ᠡᠷᠳᠡᠨᠢ ᠵᠢᠨ ᠰᠠᠢ᠌ᠨᠢ
ᠰᠤᠷᠠᠭᠯᠠᠵᠤ ᠡᠷᠢᠭᠡᠳ ᠣᠯᠣᠨᠠ ᠳ᠋ᠠ ᠬᠥ᠋᠂
ᠰᠤᠪᠤᠳᠠᠴᠠ ᠢᠯᠡᠭᠦᠦ ᠰᠤᠷᠭ᠋ᠠᠯᠢ
ᠡᠷᠬᠢᠵᠦ ᠬᠠᠮᠢᠭᠠᠠᠴᠠ ᠣᠯᠣᠨᠠ ᠳ᠋ᠠ ᠬᠥ᠋᠃
ᠢᠷᠡᠯᠲᠡ᠄ ᠳ᠋ᠸᠩᠺᠸᠦ ᠰᠢᠶᠠᠨᠤ ᠠᠷᠠᠳᠤᠨ ᠵᠠᠰᠠᠭᠤᠨ ᠣᠷᠳᠣᠨᠤ ᠮᠣᠩᠭᠣᠯ ᠰᠦᠯᠵᠢᠶᠡ