ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠤᠷᠠᠳ ᠠᠷᠠᠳ᠎ᠤᠨ ᠳᠠᠭᠤᠤ —《ᠡᠷᠬᠢᠮ ᠭᠤᠷᠪᠠᠨ ᠡᠷᠳᠡᠨᠢ》

ᠨᠡᠶ᠋ᠢᠲᠡᠯᠡᠭᠰᠡᠨ ᠴᠠᠭ᠄   2024-08-09

ᠡᠷᠬᠢᠮ ᠭᠤᠷᠪᠠᠨ ᠡᠷᠳᠡᠨᠢ
ᠡᠨᠡᠷᠢᠵᠦ ᠥᠷᠥᠰᠢᠶᠡ᠂
ᠡᠴᠢᠭᠡ ᠡᠬᠡ ᠵᠢᠨ ᠰᠠᠬᠢᠭᠤᠯᠰᠤᠨ
ᠥᠯᠵᠡᠢ ᠪᠤᠶᠠᠨ ᠪᠣᠯᠲᠤᠭ᠋ᠠᠢ᠃


ᠬᠠᠳᠠ ᠵᠢᠨ ᠥᠨᠳᠥᠷ ᠮᠣᠳᠣ ᠵᠢ
ᠬᠠᠪᠤᠷ᠎ᠤᠨ ᠰᠠᠯᠬᠢᠨ ᠬᠦᠳᠡᠯᠭᠡᠨ᠎ᠡ᠂
ᠬᠠᠳᠠᠭᠤᠵᠢᠭᠰᠠᠨ ᠰᠡᠳᠬᠢᠯ᠎ᠢ
ᠬᠠᠷᠢᠨ ᠲᠠ ᠮᠢᠨᠢ ᠬᠥᠳᠡᠯᠭᠡᠨ᠎ᠡ᠃


ᠠᠷᠭᠤᠮᠠᠭ ᠬᠠᠨ ᠬᠠᠷ᠎ᠠ ᠵᠢ ᠴᠢᠨᠢ
ᠠᠪᠠᠬᠠᠢ ᠴᠢᠨᠢ ᠤᠯᠤᠨ᠎ᠠ᠂
ᠠᠯᠤᠰ ᠬᠥᠲᠥᠯ ᠵᠶ᠋ᠡᠷ ᠶᠠᠪᠤᠬᠤ᠎ᠳᠤ
ᠠᠰᠬᠠᠷᠠᠭᠤᠯᠵᠤ ᠰᠠᠭᠤᠨ᠎ᠠ᠃


ᠥᠷᠢᠶ᠎ᠡ ᠪᠠᠭ᠋ᠠᠬᠠᠨ ᠵᠡᠭᠡᠷᠳᠡ ᠮᠢᠨᠢ
ᠢᠵᠢᠯᠢ ᠪᠤᠷᠤᠭᠤ ᠠᠳᠤᠭᠤᠨ᠎ᠳᠤ᠂
ᠦᠶ᠎ᠡ ᠵᠢᠨ ᠪᠠᠭ᠎ᠠ ᠴᠢ ᠮᠢᠨᠢ
ᠬᠠᠷᠢ ᠪᠤᠷᠤᠭᠤ ᠬᠤᠰᠢᠭᠤᠨ᠎ᠳᠤ᠃


ᠥᠵᠥᠮ ᠰᠢᠬᠢᠷ ᠠᠳᠠᠯᠢ
ᠥᠨᠢᠷ ᠠᠮᠠᠷᠠᠭ ᠪᠣᠯᠪᠠᠴᠤ᠂
ᠡᠳᠦᠷ ᠰᠠᠯᠤᠭ᠋ᠠᠳ ᠮᠣᠷᠳᠠᠬᠤ᠎ᠨᠢ
ᠨᠢᠭᠡᠨ ᠬᠠᠲᠠᠭᠤ ᠶᠣᠰᠣ᠃


ᠡᠷᠬᠡ ᠪᠠᠭ᠋ᠠᠬᠠᠨ ᠴᠢ ᠮᠢᠨᠢ
ᠡᠨᠳᠡ᠎ᠶᠦᠭᠡᠨ ᠰᠠᠭᠤᠮᠤᠢ᠂
ᠡᠷᠲᠡ ᠵᠢᠨ ᠵᠢᠷᠤᠮ ᠬᠡᠮᠡᠭᠴᠢ
ᠡᠯᠢᠭᠡ ᠶᠠᠭ᠋ᠠᠬᠢᠨ ᠲᠡᠰᠬᠦ ᠪᠣᠢ᠃


ᠬᠥᠮᠥᠨ᠎ᠤ ᠭᠠᠵᠠᠷ ᠬᠦᠴᠦᠲᠡᠢ
ᠬᠥᠮᠥᠨ ᠪᠣᠯᠭ᠋ᠠᠨ ᠣᠮᠣᠭᠲᠠᠢ᠂
ᠬᠥᠨᠳᠦᠯᠡᠵᠦ ᠶᠠᠪᠤᠭ᠋ᠠᠷᠠᠢ
ᠬᠥᠮᠥᠨ ᠵᠶ᠋ᠡᠨ ᠳᠠᠭ᠋ᠠᠭ᠋ᠠᠷᠠᠢ᠃


ᠪᠤᠷᠬᠠᠨ ᠱᠠᠵᠢᠨ ᠡᠨᠡᠷᠢᠨ ᠲᠡᠳᠬᠦᠵᠦ
ᠪᠤᠭᠤᠷᠤᠯ ᠠᠪᠤᠭ᠋ᠠᠢ᠎ᠪᠠᠨ ᠬᠥᠨᠳᠦᠯᠡ᠂
ᠪᠤᠶᠠᠨ᠎ᠲᠠᠢ᠎ᠪᠠᠷ ᠵᠢᠷᠭ᠋ᠠᠬᠤ ᠵᠢᠨ
ᠢᠷᠦᠭᠡᠯ ᠮᠠᠨ᠎ᠤ ᠪᠣᠯᠲᠤᠭ᠋ᠠᠢ᠃

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ