ᠤᠷᠠᠳ ᠠᠷᠠᠳ᠎ᠤᠨ ᠳᠠᠭᠤᠤ —《ᠣᠳᠣ ᠰᠠᠷ᠎ᠠ ᠵᠢᠨ ᠤᠴᠠᠷᠠᠯ》
ᠨᠡᠶ᠋ᠢᠲᠡᠯᠡᠭᠰᠡᠨ ᠴᠠᠭ᠄ 2024-08-09
ᠣᠳᠣᠨ ᠰᠠᠷᠠᠨ᠎ᠤ ᠤᠴᠠᠷᠠᠯ᠎ᠨᠢ
ᠣᠭᠲᠠᠷᠭᠤᠢ᠎ᠳᠤ᠎ᠪᠠᠨ ᠴᠢᠮᠡᠭ ᠰᠦᠯᠳᠡ᠂
ᠤᠬᠠᠭ᠋ᠠᠨᠲᠠᠨ ᠳᠡᠭᠡᠳᠦᠰ ᠮᠢᠨᠢ
ᠣᠯᠠᠨ ᠬᠥᠮᠥᠨ᠎ᠳᠤ᠎ᠪᠠᠨ ᠴᠢᠮᠡᠭ ᠰᠦᠯᠳᠡ᠃
ᠡᠵᠡᠨ ᠬᠠᠭ᠋ᠠᠨ᠎ᠤ ᠰᠤᠷᠭ᠋ᠠᠯ᠎ᠢ
ᠡᠨᠳᠡᠯ ᠦᠭᠡᠢ ᠳᠠᠭ᠋ᠠᠬᠤ᠎ᠨᠢ᠂
ᠡᠩᠬᠡ ᠶᠡᠬᠡ ᠲᠥᠷᠥ ᠵᠢᠨ ᠳᠤᠮᠳᠠ
ᠡᠨᠡ ᠪᠡᠶ᠎ᠡ ᠵᠢᠨ ᠬᠡᠷᠡᠭ ᠲᠡᠷᠡ᠃
ᠡᠵᠡᠨ ᠬᠠᠭ᠋ᠠᠨ᠎ᠤ ᠲᠥᠷᠥ ᠬᠥᠨᠳᠦ
ᠡᠷᠳᠡᠮᠲᠡᠨ᠎ᠤ ᠵᠢᠷᠤᠮ ᠬᠥᠨᠳᠦ᠂
ᠡᠷᠲᠡ ᠵᠢᠨ ᠮᠠᠨ᠎ᠤ ᠢᠷᠦᠭᠡᠯ ᠬᠥᠨᠳᠦ
ᠡᠨᠡ ᠴᠠᠭ᠎ᠲᠤ᠎ᠪᠠᠨ ᠡᠶ᠎ᠡ ᠬᠥᠨᠳᠦ᠃
ᠬᠥᠨᠳᠥ ᠶᠡᠬᠡ ᠲᠥᠷᠥᠳᠤᠪᠠᠨ
ᠬᠥᠴᠦᠨ ᠵᠶ᠋ᠡᠷ ᠵᠶ᠋ᠡᠨ ᠵᠢᠳᠬᠦᠪᠡᠰᠦ᠂
ᠬᠥᠮᠥᠨ᠎ᠤ ᠡᠨᠡ ᠨᠠᠰᠤᠨ᠎ᠳᠤ᠎ᠪᠠᠨ
ᠬᠦᠰᠡᠯᠡᠩ ᠵᠶ᠋ᠡᠷ ᠵᠶ᠋ᠡᠨ ᠵᠢᠷᠭ᠋ᠠᠨᠠ᠃
ᠵᠠ ᠬᠦ᠋ ᠠᠶ᠎ᠠ᠎ᠪᠠᠨ ᠸᠠᠢ᠌ᠳᠤ᠎ᠠ
ᠵᠠᠶᠠᠭ᠋ᠠᠲᠠᠨ ᠳᠡᠭᠡᠳᠦᠰ ᠮᠢᠨᠢ᠂
ᠵᠢᠪᠬᠤᠯᠠᠩᠲᠤ ᠪᠤᠶᠠᠨ ᠵᠶ᠋ᠠᠷ ᠵᠶ᠋ᠠᠨ
ᠵᠢᠷᠭ᠋ᠠᠯᠠᠩᠲᠠᠢ ᠪᠣᠯᠲᠤᠭ᠋ᠠᠢ᠃
ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ