ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠤᠷᠠᠳ ᠠᠷᠠᠳ᠎ᠤᠨ ᠳᠠᠭᠤᠤ —《ᠨᠠᠷᠢᠬᠠᠨ ᠵᠡᠭᠡᠷᠳᠡ》

ᠨᠡᠶ᠋ᠢᠲᠡᠯᠡᠭᠰᠡᠨ ᠴᠠᠭ᠄   2024-08-09

ᠨᠠᠷᠢᠬᠠᠨ ᠵᠡᠭᠡᠷᠳᠡ ᠮᠣᠷᠢ᠎ᠪᠠᠨ
ᠠᠳᠣᠭᠣᠨ᠎ᠤ ᠳᠤᠮᠳᠠ᠎ᠠᠴᠠ ᠰᠣᠢ᠌ᠵᠤ ᠮᠣᠷᠳᠠᠯ᠎ᠠ᠂
ᠨᠢᠭᠲᠠ ᠪᠠᠲᠤ ᠵᠢᠨ ᠵᠢᠷᠤᠮ ᠵᠶ᠋ᠠᠷ
ᠠᠪᠤ ᠡᠵᠢ᠎ᠪᠠᠨ ᠳᠤᠷᠠᠳᠬᠠᠪᠠᠢ᠃


ᠠᠷᠪᠠᠨ ᠠᠭᠲᠠ᠎ᠨᠢ ᠪᠠᠢ᠌ᠪᠠᠴᠤ
ᠠᠯᠠᠭ ᠮᠣᠷᠢᠨ᠎ᠳᠤ ᠮᠢᠨᠢ ᠬᠦᠷᠦᠨ᠎ᠡ ᠬᠡᠵᠦ ᠤᠤ᠂
ᠠᠷᠪᠠᠨ ᠠᠬ᠎ᠠ ᠳᠡᠭᠦᠦ ᠪᠠᠢ᠌ᠪᠠᠴᠤ
ᠠᠪᠤ᠎ᠳᠤ ᠮᠢᠨᠢ ᠬᠥᠷᠥᠨ᠎ᠡ ᠬᠡᠵᠦ ᠤᠤ᠃


ᠬᠣᠷᠢᠨ ᠠᠭᠲᠠ᠎ᠨᠢ ᠪᠠᠢ᠌ᠪᠠᠴᠤ
ᠬᠤᠸᠠ ᠮᠣᠷᠢᠨ᠎ᠳᠤ ᠮᠢᠨᠢ ᠬᠦᠷᠦᠨ᠎ᠡ ᠬᠡᠵᠦ ᠤᠤ ᠳ᠋ᠠ᠂
ᠬᠣᠶᠠᠷ ᠪᠡᠷᠭᠡᠨ ᠪᠠᠢ᠌ᠪᠠᠴᠤ
ᠡᠵᠢ᠎ᠳᠤ ᠮᠢᠨᠢ ᠬᠥᠷᠥᠨ᠎ᠡ ᠬᠡᠵᠦ ᠤᠤ ᠳ᠋ᠠ᠃


ᠠᠪᠤ ᠵᠢᠨ ᠬᠠᠢ᠌ᠷᠠᠯᠠᠭᠰᠠᠨ ᠬᠠᠢ᠌ᠷ᠎ᠠ ᠪᠠᠢ᠌ᠨ᠎ᠠ
ᠠᠪᠳᠠᠷ᠎ᠠ ᠱᠦᠭᠦᠢ ᠠᠷᠪᠠᠨ ᠬᠣᠣᠰ
ᠡᠵᠢ ᠵᠢᠨ ᠬᠠᠢ᠌ᠷᠠᠯᠠᠭᠰᠠᠨ ᠬᠠᠢ᠌ᠷ᠎ᠠ ᠪᠠᠢ᠌ᠨ᠎ᠠ
ᠡᠩ᠎ᠲᠠᠢ ᠲᠣᠷᠭ᠎ᠠ ᠠᠷᠪᠠᠨ ᠭᠣᠭᠴᠠᠭ᠎ᠠ᠃


ᠠᠬ᠎ᠠ ᠵᠢᠨ ᠬᠠᠢ᠌ᠷᠠᠯᠠᠭᠰᠠᠨ ᠬᠠᠢ᠌ᠷ᠎ᠠ ᠪᠠᠢ᠌ᠨ᠎ᠠ
ᠠᠷᠤ᠎ᠲᠠᠢ ᠲᠣᠷᠭ᠎ᠠ ᠠᠷᠪᠠᠨ ᠵᠠᠬ᠎ᠠ
ᠪᠡᠷᠭᠡᠨ᠎ᠤ ᠬᠠᠢ᠌ᠷᠠᠯᠠᠭᠰᠠᠨ ᠬᠠᠢ᠌ᠷ᠎ᠠ ᠪᠠᠢ᠌ᠨ᠎ᠠ
ᠪᠢᠯ᠎ᠲᠠᠢ ᠳᠣᠷᠳᠣᠩ ᠳᠥᠷᠪᠠᠨ ᠬᠣᠣᠰ᠃


ᠡᠭᠡᠴᠢ ᠵᠢᠨ ᠬᠠᠢ᠌ᠷᠠᠯᠠᠭᠰᠠᠨ ᠬᠠᠢ᠌ᠷ᠎ᠠ ᠪᠠᠢ᠌ᠨ᠎ᠠ
ᠰᠢᠷᠠᠮᠠᠯ ᠮᠠᠬᠠᠢ ᠨᠠᠢ᠍ᠮᠠᠨ ᠬᠣᠣᠰ
ᠳᠡᠭᠦᠦ ᠵᠢᠨ ᠬᠠᠢ᠌ᠷᠠᠯᠠᠭᠰᠠᠨ ᠬᠡᠰᠢᠭ ᠪᠠᠢ᠌ᠨ᠎ᠠ
ᠳᠥᠷᠥᠭᠡᠨ ᠰᠣᠷ ᠳᠥᠷᠪᠡᠨ ᠬᠣᠣᠰ᠃


ᠡᠯᠡᠰᠦ᠎ᠪᠠᠷ ᠳᠦᠭᠦᠷᠡᠩ ᠲᠡᠮᠡᠭᠡ ᠪᠠᠢ᠌ᠨ᠎ᠠ
ᠡᠯᠢᠭᠡ᠎ᠪᠠᠷ ᠳᠦᠭᠦᠷᠡᠩ ᠲᠥᠷᠥᠯ ᠪᠠᠢ᠌ᠨ᠎ᠠ᠂
ᠵᠥᠯᠭᠡ᠎ᠪᠠᠷ ᠳᠥᠭᠥᠷᠡᠩ ᠠᠳᠤᠭᠤ ᠪᠠᠢ᠌ᠨ᠎ᠠ
ᠵᠢᠷᠦᠬᠡ᠎ᠪᠠᠷ ᠳᠥᠭᠥᠷᠡᠩ ᠲᠥᠷᠥᠯ ᠪᠠᠢ᠌ᠨ᠎ᠠ᠃

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ