ᠭᠠᠯ ᠰᠢᠭ᠋ ᠤᠯᠠᠭ᠋ᠠᠨ ᠨᠠᠪᠴᠢ ᠰᠢᠭ᠋ ᠨᠣᠭᠣᠭ᠋ᠠᠨ ᠬᠦᠰᠡᠯᠡᠩ
ᠨᠡᠶ᠋ᠢᠲᠡᠯᠡᠭᠰᠡᠨ ᠴᠠᠭ᠄ 2024-08-08
ᠵᠣᠬᠢᠶᠠᠭᠴᠢ᠄ ᠭᠢᠯᠦᠭᠡᠨ ᠫ᠊ ·ᠴᠢᠯᠠᠭᠤᠨᠪᠠᠲᠤ
ᠴᠡᠷᠢᠭ᠎ᠲᠤ —
ᠠᠷᠠᠰᠤᠲᠠᠨ ᠦᠨᠳᠦᠰᠦᠲᠡᠨ᠎ᠤ ᠢᠯᠭ᠋ᠠᠭ᠎ᠠ ᠦᠭᠡᠢ
ᠴᠡᠷᠢᠭ᠎ᠲᠤ —
ᠠᠷᠢᠭᠤᠨ ᠬᠡᠪ ᠴᠢᠨᠠᠷ᠎ᠤᠨ ᠮᠥᠰᠥ ᠯᠡ ᠣᠷᠣᠰᠢᠳᠠᠭ ᠶᠤᠮ
ᠴᠢᠩ ᠵᠣᠷᠢᠭ᠎ᠤᠨ ᠲᠠᠩᠭ᠋ᠠᠷᠢᠭ᠎ᠲᠤ ᠶᠣᠰᠣᠯᠠᠭᠰᠠᠨ
ᠰᠢᠳᠤᠷᠭᠤ ᠪᠠᠲᠤ ᠰᠢᠭᠤᠷᠬᠠᠢ ᠮᠠᠨᠠᠭ᠎ᠠ ᠵᠢ
ᠴᠡᠷᠢᠭ ᠬᠥᠮᠥᠨ ᠭᠡᠳᠡᠭ ᠠ᠋
ᠡᠩᠬᠡ ᠲᠦᠷᠤ ᠵᠢᠨ ᠰᠦᠯᠳᠡ
ᠢᠲᠡᠭᠡᠯ᠎ᠤᠨ ᠬᠢᠨᠢ ᠭᠠᠯ ᠵᠶ᠋ᠠᠷ ᠳᠦᠷᠡᠯᠵᠡᠵᠦ
ᠡᠪ ᠣᠷᠣᠰᠢᠬᠤᠢ ᠵᠢᠨ ᠲᠤᠩᠬᠠᠭ᠎ᠢ
ᠡᠭᠦᠷ᠎ᠢ ᠪᠣᠰᠣᠭ᠎ᠠ ᠰᠠᠬᠢᠭᠰᠠᠨ
ᠲᠡᠰᠪᠦᠷᠢ ᠵᠢᠨ ᠡᠮᠦᠨ᠎ᠡ ᠭᠠᠩ ᠰᠢᠭ᠋ ᠳᠠᠪᠲᠠᠭᠳᠠᠭᠰᠠᠨ
ᠲᠡᠪᠴᠢᠶᠡᠷᠢ ᠵᠢᠨ ᠰᠢᠯᠭ᠋ᠠᠭᠤᠷᠢᠳᠤ ᠰᠦ᠍ᠷ ᠰᠢᠭ᠋ ᠣᠴᠢᠯᠠᠭᠰᠠᠨ
ᠴᠡᠪᠡᠷ ᠲᠡᠦᠬᠡ ᠵᠢᠨ ᠭᠡᠭᠡᠨ ᠮᠥᠷ᠎ᠲᠤ
ᠴᠡᠷᠢᠭ ᠬᠥᠮᠥᠨ ᠪᠣᠯ ᠮᠥᠩᠬᠡ ᠵᠢᠨ ᠠᠯᠳᠠᠷ
ᠴᠢᠩ ᠵᠢᠷᠤᠮ᠎ᠤᠨ ᠨᠤᠭᠤᠷᠠᠰᠢ ᠦᠭᠡᠢ ᠬᠠᠶᠢᠭ ᠠ᠋
ᠠᠮᠢ ᠦᠷᠡᠭᠳᠡᠯ᠎ᠤᠨ ᠤᠷᠢᠳᠤ᠎ᠠᠴᠠ
ᠰᠤᠮᠤ ᠰᠢᠭ᠋ ᠰᠢᠭᠤᠷᠴᠤ ᠴᠢᠳᠠᠳᠠᠭ
ᠠᠯᠢ ᠴᠤ᠌ ᠤᠯᠤᠰ ᠭᠦᠷᠤᠨ᠎ᠳᠡᠭᠡᠨ
ᠠᠯᠳᠠᠨ ᠬᠠᠭ᠋ᠠᠯᠭ᠎ᠠ ᠵᠢᠨ ᠰᠤᠪᠤᠷᠭ᠎ᠠ ᠮᠡᠲᠦ ᠭᠢᠯᠠᠯᠵᠠᠭᠰᠠᠨ
ᠴᠡᠷᠢᠭ ᠬᠥᠮᠥᠨ᠎ᠤ ᠳᠦᠷᠢ ᠦᠨᠡᠨ᠎ᠳᠡᠭᠡᠨ
ᠡᠭᠡᠯ᠎ᠤᠨ ᠪᠤᠰᠤ ᠠᠭᠤᠤ ᠨᠡᠷᠡᠳᠤ ᠪᠠᠢ᠌ᠳᠠᠭ ᠤᠴᠢᠷ᠎ᠲᠠᠢ
ᠴᠢᠭᠯᠡᠭᠰᠡᠨ ᠬᠠᠷᠭᠤᠢ᠎ᠳᠠᠭᠠᠨ ᠪᠦᠷᠭᠦᠳ ᠰᠢᠭ ᠱᠤᠩᠭᠤᠯᠠᠨ
ᠡᠷᠡᠮᠡᠬᠡᠢ᠌ᠯᠡᠨ ᠳᠡᠭᠦᠯᠢᠵᠦ ᠬᠦᠷᠬᠦ ᠲᠡᠷᠡ ᠣᠮᠣᠭᠯᠠᠩ
ᠴᠡᠷᠢᠭ ᠬᠥᠮᠥᠨ᠎ᠤ ᠪᠡᠶ᠎ᠡ᠎ᠳᠤ ᠯᠡ ᠬᠠᠷᠠᠭᠳᠠᠳᠠᠭ᠎ᠨᠢ ᠭᠠᠢ᠌ᠬᠠᠯᠲᠠᠢ ᠠ᠋
ᠬᠢᠯᠢ᠎ᠲᠠᠢ ᠭᠠᠵᠠᠷ ᠴᠡᠷᠢᠭ ᠬᠥᠮᠥᠨ ᠵᠣᠭᠰᠣᠳᠠᠭ
ᠴᠡᠷᠢᠭ ᠬᠥᠮᠥᠨ ᠵᠣᠭᠰᠣᠭᠰᠠᠨ ᠡᠨᠡ ᠱᠤᠭᠤᠮ ᠳᠡᠭᠡᠷ᠎ᠡ᠎ᠠᠴᠠ
ᠬᠡᠮᠵᠢᠶᠡᠯᠡᠰᠢ ᠦᠭᠡᠢ ᠵᠢᠷᠭ᠋ᠠᠯ᠎ᠤᠨ ᠦᠷᠢ ᠲᠡᠳᠡ
ᠴᠡᠩᠬᠡᠷ ᠡᠬᠡ ᠣᠷᠣᠨ᠎ᠳᠠᠭᠠᠨ ᠠᠪᠴᠢᠷᠠᠳᠠᠭ ᠶᠤᠮ ᠪᠣᠯᠬᠣᠷ
ᠴᠡᠷᠢᠭ᠎ᠤᠨ ᠠᠯᠳᠠᠷ ᠡᠢ᠌ᠨ ᠬᠦ᠌ ᠨᠠᠷᠠ ᠰᠢᠭ᠋ ᠭᠡᠷᠡᠯ᠎ᠲᠠᠢ
ᠴᠢᠩ ᠬᠦᠰᠡᠯᠡᠩ᠎ᠨᠢ ᠲᠤᠭ ᠰᠢᠭ᠋ ᠰᠦᠷ᠎ᠲᠠᠢ ᠠ᠋
ᠪᠣᠯᠣᠳ ᠬᠠᠨ᠎ᠠ ᠰᠢᠭ᠋ ᠴᠡᠷᠢᠭ᠎ᠤᠨ ᠤᠲᠷᠢᠶᠡᠲ ᠪᠠᠢ᠌ᠵᠤ
ᠵᠠᠭᠤᠨ ᠵᠠᠭᠤᠨ᠎ᠤ ᠨᠢᠷᠤᠭᠤ ᠵᠢ ᠭᠠᠯᠪᠠ ᠲᠠᠮᠵᠢᠨ ᠡᠷᠭᠦᠳᠡᠭ ᠶᠤᠮ
ᠪᠣᠯᠣᠷ ᠴᠢᠨᠳᠠᠮᠤᠨᠢ ᠰᠢᠭ᠋ ᠪᠠᠲᠤ ᠲᠡᠷᠡ ᠴᠠᠢ᠌ᠵᠠᠨᠠᠴᠠ
ᠵᠢᠷᠭ᠋ᠠᠯ᠎ᠤᠨ ᠭᠡᠭᠡ ᠵᠢ ᠳᠠᠶᠠᠩ ᠥᠭᠰᠥᠭᠦᠯᠦᠨ ᠰᠠᠴᠤᠳᠠᠭ ᠶᠤᠮ ᠠ᠋
ᠴᠡᠷᠢᠭ ᠬᠥᠮᠥᠨ ᠭᠡᠳᠡᠭ
ᠲᠠᠷᠬᠠᠨ ᠠᠯᠳᠠᠷ ᠵᠶ᠋ᠠᠷ ᠳᠠᠭᠤᠷᠢᠰᠬᠤ
ᠴᠢᠩ ᠢᠲᠡᠭᠡᠯ᠎ᠤᠨ
ᠭᠠᠯ ᠰᠢᠭ᠋ ᠤᠯᠠᠭ᠋ᠠᠨ ᠨᠠᠪᠴᠢ ᠰᠢᠭ᠋ ᠨᠣᠭᠣᠭ᠋ᠠᠨ ᠬᠦᠰᠡᠯᠡᠩ᠎ᠤᠨ
ᠨᠤᠷᠠᠰᠢ ᠦᠭᠡᠢ ᠴᠡᠩᠬᠡᠷ ᠬᠥᠰᠢᠶ᠎ᠡ ᠵᠢ ᠵᠢᠭ᠋ᠠᠳᠠᠭ ᠶᠤᠮ ᠠ᠋⁈
ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ