ᠴᠡᠷᠢᠭ ᠬᠥᠮᠥᠨ
ᠨᠡᠶ᠋ᠢᠲᠡᠯᠡᠭᠰᠡᠨ ᠴᠠᠭ᠄ 2024-08-08
ᠵᠣᠬᠢᠶᠠᠭᠴᠢ᠄ ᠲᠡᠭᠷᠢᠨᠠᠭᠤᠷ
ᠴᠡᠷᠢᠭ ᠬᠥᠮᠥᠨ ᠭᠡᠵᠦ
ᠨᠤᠭᠤᠰᠤ ᠰᠢᠪᠠᠭᠤᠳ᠎ᠢ ᠲᠠᠢ᠌ᠪᠤᠩ ᠱᠤᠩᠪᠠᠭᠤᠯᠤᠬᠰᠠᠨ ᠨᠠᠭᠤᠷ
ᠨᠤᠲᠤᠭ ᠤᠰᠤ᠎ᠪᠠᠨ ᠬᠠᠮᠠᠭ᠋ᠠᠯᠠᠬᠤ ᠶᠡᠬᠡ ᠬᠠᠢ᠌ᠷ᠎ᠠ ᠵᠢᠨ ᠬᠡᠯᠬᠢᠶ᠎ᠡ
ᠨᠣᠮᠢᠨ ᠲᠠᠯ᠎ᠠ ᠵᠢᠨ ᠵᠢᠩᠬᠢᠨᠢ ᠡᠵᠡᠨ ᠪᠣᠯᠤᠭᠰᠠᠨ ᠰᠠᠬᠢᠭᠤᠰᠤ
ᠴᠡᠷᠢᠭ ᠬᠥᠮᠥᠨ ᠭᠡᠵᠦ
ᠡᠩᠬᠡ ᠠᠮᠤᠭᠤᠯᠠᠩ᠎ᠢ ᠠᠷᠠᠳ᠎ᠲᠠᠭᠠᠨ ᠡᠷᠭᠦᠬᠦ ᠠᠷᠢᠭᠤᠨ ᠮᠤᠳᠤᠷ
ᠡᠬᠡ ᠤᠯᠤᠰ᠎ᠤᠨ ᠢᠮᠠᠬᠤ ᠭᠠᠵᠠᠷ᠎ᠢ ᠠᠯᠳᠠᠳᠠᠭ ᠦᠭᠡᠢ ᠬᠠᠷᠢᠭᠤᠴᠠᠯᠭ᠎ᠠ
ᠡᠷᠡᠮᠡᠬᠡᠢ ᠵᠣᠷᠢᠭ ᠵᠶ᠋ᠠᠷ ᠵᠶ᠋ᠠᠨ ᠤᠯᠤᠰ᠎ᠲᠠᠭᠠᠨ ᠵᠢᠳᠬᠦᠭᠰᠡᠨ ᠭᠠᠪᠢᠶᠠᠨ ᠲᠡᠮᠳᠡᠭ
ᠴᠡᠷᠢᠭ ᠬᠥᠮᠥᠨ ᠭᠡᠵᠦ
ᠡᠵᠢ ᠵᠢᠨ ᠵᠶ᠋ᠠᠨ ᠡᠯᠢᠭᠡᠨ ᠳᠡᠭᠡᠷ᠎ᠡ ᠨᠢᠯᠬᠠᠷᠠᠬᠤ᠎ᠳᠠᠭᠠᠨ ᠪᠦᠪᠡᠢ ᠦᠷ᠎ᠡ
ᠡᠷ᠎ᠡ ᠵᠢᠨ ᠴᠡᠭᠡᠯ᠎ᠳᠤ ᠭᠦᠷᠪᠡᠯ ᠡᠬᠡ ᠣᠷᠣᠨ᠎ᠤ ᠰᠣᠳᠣᠨ ᠬᠣᠰᠢᠭᠤᠴᠢ
ᠡᠯᠳᠡᠪ ᠮᠠᠭᠤ ᠳᠠᠢ᠌ᠰᠤᠨᠢ ᠦᠯᠲᠡᠨ ᠬᠥᠭᠡᠭᠡᠬᠦ ᠠᠲ᠋ᠣᠮ᠎ᠤᠨ ᠪᠥᠮᠪᠥᠭᠡ
ᠴᠡᠷᠢᠭ ᠬᠥᠮᠥᠨ ᠭᠡᠵᠦ
ᠪᠥᠬᠥᠢ᠌ᠭᠰᠡᠨ ᠳᠠᠢ᠌ᠰᠤᠨᠢ ᠪᠤᠳᠠ ᠨᠢᠷᠭᠡᠭᠰᠡᠨ ᠬᠦᠴᠦᠲᠦ ᠪᠦᠷᠭᠦᠳ
ᠪᠥᠮᠪᠥᠷᠴᠡᠭ᠎ᠤᠨ ᠡᠩᠭᠡᠷ᠎ᠲᠤ ᠤᠷᠭᠤᠭᠰᠠᠨ ᠤᠷᠳᠤ ᠨᠠᠰᠤᠲᠤ ᠤᠷᠭᠤᠮᠠᠯ
ᠪᠦᠯᠬᠦᠮᠳᠡᠯ᠎ᠤᠨ ᠦᠢ᠍ᠯᠡᠰ᠎ᠲᠤ ᠠᠮᠢ᠎ᠪᠠᠨ ᠡᠷᠭᠦᠭᠰᠡᠨ ᠲᠤᠤᠯᠢᠰ
ᠴᠡᠷᠢᠭ ᠬᠥᠮᠥᠨ ᠭᠡᠵᠦ
ᠬᠠᠲᠠᠭᠤ ᠰᠢᠷᠦᠭᠦᠨ ᠠᠮᠢᠳᠤᠷᠠᠯ᠎ᠤᠨ ᠨᠤᠭᠤᠴᠠᠭ᠋ᠠᠨᠳᠤ
ᠬᠥᠮᠥᠨ ᠮᠥᠰᠥ ᠬᠥᠮᠥᠨᠯᠢᠭ ᠴᠢᠨᠠᠷ᠎ᠢ ᠠᠯᠳᠠᠳᠠᠭ ᠦᠭᠡᠢ
ᠬᠦᠴᠦᠷᠬᠡᠭ ᠲᠦᠷᠦ ᠵᠢᠨ ᠭᠡᠭᠡᠨ ᠬᠠᠷᠭᠤᠢ᠎ᠳᠤ ᠬᠡᠢ᠌ᠮᠣᠷᠢ ᠪᠣᠰᠣᠭ᠎ᠠ ᠠᠵᠢᠨᠠᠢ
ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ