ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠠᠷᠠᠳ᠎ᠤᠨ ᠴᠡᠷᠢᠭ᠎ᠤᠨ ᠠᠯᠳᠠᠷ

ᠨᠡᠶ᠋ᠢᠲᠡᠯᠡᠭᠰᠡᠨ ᠴᠠᠭ᠄   2024-08-07


                  ᠵᠣᠬᠢᠶᠠᠭᠴᠢ᠄ ᠪᠣᠷᠵᠢᠭᠢᠨ ᠰᠡᠴᠡᠨ



ᠨᠠᠮᠤᠭᠲᠤ ᠲᠠᠯ᠎ᠠ ᠵᠢᠨ ᠬᠦᠴᠢᠷ᠎ᠢ ᠲᠤᠭᠤᠯᠵᠦ ᠢᠷᠡᠭᠰᠡᠨ ᠡᠷᠡᠯᠬᠡᠭ
ᠨᠠᠪᠲᠠᠷᠬᠠᠢ ᠬᠤᠪᠴᠠᠰᠤ ᠬᠠᠭᠤᠷᠠᠢ ᠬᠦᠨᠡᠰᠦ᠎ᠪᠠᠷ ᠥᠯ ᠪᠤᠯᠭ᠋ᠠᠬᠰᠠᠨ ᠡᠩᠨᠡᠭᠡᠴᠢᠳ
ᠬᠣᠶᠠᠷ ᠲᠦᠮᠡ ᠲᠠᠪᠤᠨ ᠮᠢᠩᠭ᠋ᠠᠨ ᠭᠠᠵᠠᠷ᠎ᠢ ᠵᠣᠷᠢᠭ ᠵᠶ᠋ᠠᠷ ᠵᠠᠮᠨᠠᠭᠰᠠᠨ ᠳᠠᠢ᠌ᠴᠢᠳ
ᠬᠠᠯᠠᠭᠤᠨ ᠠᠮᠢ ᠪᠦᠯᠢᠶᠡᠨ ᠴᠢᠰᠤ᠎ᠪᠠᠷ ᠵᠶ᠋ᠠᠨ ᠡᠩᠬᠡ ᠵᠢ ᠠᠪᠴᠢᠷᠠᠭᠰᠠᠨ ᠲᠤᠭᠴᠢᠳ


ᠬᠠᠢ᠌ᠷᠠᠲᠤ ᠡᠬᠡ ᠤᠯᠤᠰ᠎ᠤᠨ ᠵᠶ᠋ᠠᠨ ᠠᠮᠤᠭᠤᠯᠠᠩ ᠲᠠᠢ᠌ᠪᠤᠩ᠎ᠢ ᠬᠠᠮᠠᠭ᠋ᠠᠯᠠᠳᠠᠭ
ᠬᠠᠨᠠᠭ᠋ᠠᠷ ᠰᠠᠢ᠌ᠬᠠᠨ ᠡᠬᠡ ᠣᠷᠣᠨ᠎ᠤ᠎ᠪᠠᠨ ᠡᠭᠦᠷᠭᠡ ᠬᠦᠨᠳᠦ᠎ᠲᠠᠢ ᠳᠠᠷᠬᠠᠨᠴᠤᠳ
ᠬᠠᠪ ᠬᠠᠷᠠᠩᠭᠤᠢ ᠰᠥᠨᠢ ᠵᠢᠨ ᠭᠦᠨ᠎ᠳᠤ ᠭᠡᠷᠡᠯᠳᠦᠨ ᠲᠤᠶᠠᠭ᠋ᠠᠷᠠᠳᠠᠭ ᠤᠳᠤᠨ
ᠬᠠᠢ᠌ᠷ᠎ᠠ ᠵᠢᠨ ᠪᠤᠷᠬᠠᠨ ᠰᠡᠳᠬᠢᠯ ᠵᠶ᠋ᠠᠨ ᠤᠯᠤᠰ᠎ᠲᠠᠭᠠᠨ ᠵᠣᠷᠢᠭᠤᠯᠳᠠᠭ ᠰᠣᠳᠣᠨ


ᠴᠣᠬᠢᠯᠠᠬᠤ ᠤᠯᠠᠭ᠋ᠠᠨ ᠵᠢᠷᠦᠬᠡᠨ᠎ᠳᠤᠨᠢ ᠡᠬᠡ ᠤᠯᠤᠰ ᠯᠡ ᠪᠠᠢ᠌ᠳᠠᠭ
ᠲᠣᠷᠮᠣᠭᠤᠷ ᠬᠥᠭᠡᠷᠦᠬᠦᠨ ᠬᠠᠷᠠᠴᠠᠨ᠎ᠳᠤᠨᠢ ᠠᠷᠠᠳ ᠲᠦᠮᠡᠨ ᠯᠡ ᠦᠵᠡᠭᠳᠡᠳᠡᠭ
ᠲᠣᠭ᠎ᠠ ᠲᠣᠮᠰᠢ ᠦᠭᠡᠢ ᠡᠳᠦᠷ ᠬᠣᠨᠣᠭ᠎ᠢ ᠪᠤᠳᠤᠯ᠎ᠤᠨ ᠢᠯᠴᠢ᠎ᠪᠠᠷ ᠵᠶ᠋ᠠᠨ ᠳᠤᠯᠠᠭ᠋ᠠᠯᠠᠵᠤ
ᠲᠤᠬᠰᠢᠨ ᠰᠦᠷᠳᠡᠨ᠎ᠤ ᠬᠠᠯᠳᠠᠯᠭ᠎ᠠ᠎ᠠᠴᠠ ᠰᠦᠷᠳᠡᠳᠡᠭ ᠦᠭᠡᠢ ᠵᠠᠩᠵᠤᠨ


ᠮᠠᠯᠠᠭ᠋ᠠᠢ ᠵᠢᠨ ᠬᠢᠨᠢ ᠤᠯᠠᠭ᠋ᠠᠨ ᠤᠳᠤ᠎ᠠᠴᠠ᠎ᠨᠢ ᠲᠤᠮᠳᠠᠳᠤ ᠵᠢᠨ ᠭᠡᠷᠡᠯ ᠰᠠᠴᠤᠷᠠᠵᠤ
ᠮᠠᠩᠨᠠᠢ ᠬᠥᠮᠥᠰᠬᠡ ᠵᠢᠨ ᠬᠢᠨᠢ ᠲᠤᠬᠰᠢᠨ ᠰᠦᠷ᠎ᠠᠴᠠ ᠮᠠᠭᠤ ᠪᠦᠭᠦᠨ ᠡᠮᠢᠶᠡᠳᠡᠭ
ᠮᠢᠩᠭ᠋ᠠᠨ ᠣᠨ᠎ᠳᠠᠭᠠᠨ ᠴᠦ᠍ ᠮᠢᠲᠠᠷᠠᠰᠢ ᠦᠭᠡᠢ ᠠᠤᠭ᠎ᠠ ᠶᠡᠬᠡ ᠭᠦᠴᠦᠳᠡᠨ
ᠮᠢᠷᠠᠯᠵᠠᠨ ᠴᠡᠴᠡᠭᠯᠡᠬᠦ ᠡᠬᠡ ᠤᠯᠤᠰ᠎ᠤᠨ ᠨᠣᠮᠢᠨ ᠨᠣᠭᠣᠭ᠋ᠠᠨ ᠲᠤᠤᠯᠢ


ᠮᠢᠨᠤ ᠬᠠᠢ᠌ᠷᠠᠲᠠᠢ ᠠᠷᠠᠳ᠎ᠤᠨ ᠴᠡᠷᠢᠭ ᠡᠰᠡᠨ ᠮᠡᠨᠳᠤ ᠵᠢᠨ ᠵᠠᠮᠴᠢ
ᠮᠢᠨᠤ ᠬᠠᠢ᠌ᠷᠠᠲᠠᠢ ᠠᠷᠠᠳ᠎ᠤᠨ ᠴᠡᠷᠢᠭ ᠡᠩᠬᠡ ᠰᠠᠢ᠌ᠬᠠᠨ᠎ᠤ ᠡᠯᠴᠢ
ᠮᠢᠨᠤ ᠬᠠᠢ᠌ᠷᠠᠲᠠᠢ ᠠᠷᠠᠳ᠎ᠤᠨ ᠴᠡᠷᠢᠭ ᠡᠭᠡᠯ ᠨᠢᠭᠡᠨ ᠬᠥᠮᠥᠨ
ᠮᠢᠨᠤ ᠬᠠᠢ᠌ᠷᠠᠲᠠᠢ ᠠᠷᠠᠳ᠎ᠤᠨ ᠴᠡᠷᠢᠭ ᠡᠭᠡᠨᠡᠭᠲᠡ ᠵᠢᠨ ᠨᠠᠷᠠ



ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ