ᠰᠣᠯᠣᠩᠭ᠎ᠠ
ᠨᠡᠶ᠋ᠢᠲᠡᠯᠡᠭᠰᠡᠨ ᠴᠠᠭ᠄ 2024-08-07
ᠵᠣᠬᠢᠶᠠᠭᠴᠢ᠄ ᠫᠣ · ᠰᠠᠨᠠᠭ᠋ᠠᠷᠪᠦᠣ
ᠪᠦᠷᠬᠦᠭ ᠪᠣᠷᠣᠭ᠎ᠠ᠎ᠲᠠᠢ ᠡᠳᠦᠷ᠎ᠤᠳ᠎ᠲᠤ
ᠡᠪᠦᠷ ᠳᠡᠭᠡᠷ᠎ᠡ᠎ᠪᠠᠨ ᠰᠢᠷ᠎ᠠ ᠮᠤᠤᠷ ᠨᠣᠢ᠌ᠷᠮᠣᠭᠯᠠᠭᠤᠯᠤᠭ᠋ᠠᠳ
ᠰᠠᠬᠠᠯ ᠳᠤᠮᠳᠠᠭᠤᠷ ᠵᠶ᠋ᠠᠨ ᠴᠠᠭ᠋ᠠᠨ ᠬᠤᠯᠤᠭ᠋ᠠᠨ᠎ᠠ ᠡᠷᠬᠡᠯᠡᠭᠦᠯᠦᠮᠡᠷ ᠪᠤᠯᠬᠤ ᠶᠤᠮ
ᠪᠦᠷᠬᠦᠭ ᠪᠣᠷᠣᠭ᠎ᠠ᠎ᠲᠠᠢ ᠡᠳᠦᠷ᠎ᠤᠳ᠎ᠲᠤ
ᠰᠠᠷᠠᠪᠴᠢᠨ ᠳᠣᠣᠷ᠎ᠠ᠎ᠪᠠᠨ ᠡᠯᠢᠭᠡ ᠴᠠᠭ᠋ᠠᠨ ᠬᠠᠷᠢᠶᠠᠴᠠᠢ ᠵᠤᠯᠵᠠᠭ᠋ᠠᠯᠠᠭᠤᠯᠤᠭ᠋ᠠᠳ
ᠰᠠᠷ᠎ᠠ ᠳᠦᠭᠦᠷᠬᠦᠪᠠᠷᠨᠢ ᠠᠳᠠᠲᠠᠢ ᠨᠠᠢ᠌ᠷᠠᠭᠴᠢᠳᠲᠠᠢᠪᠠᠨ ᠠᠷᠢᠬᠢᠳᠠᠮᠠᠷ ᠪᠤᠯᠬᠤ ᠶᠤᠮ
ᠪᠦᠷᠬᠦᠭ ᠪᠣᠷᠣᠭ᠎ᠠ᠎ᠲᠠᠢ ᠡᠳᠦᠷ᠎ᠤᠳ᠎ᠲᠤ
ᠰᠢᠯᠦᠭ ᠵᠶ᠋ᠠᠷ ᠰᠣᠷᠢᠨᠵᠢᠨ ᠪᠦᠭᠡᠵᠢ ᠳᠠᠪᠲᠠᠭᠤᠯᠤᠭ᠋ᠠᠳ
ᠱ᠌ᠢᠷᠦᠨ ᠤᠷᠤᠭᠤᠯ᠎ᠲᠤ ᠥᠬᠢᠳ᠎ᠢ ᠥᠳᠥᠭᠡᠮᠡᠷ ᠪᠤᠯᠬᠤ ᠶᠤᠮ
ᠪᠦᠷᠬᠦᠭ ᠪᠣᠷᠣᠭ᠎ᠠ᠎ᠲᠠᠢ ᠡᠳᠦᠷ᠎ᠤᠳ᠎ᠲᠤ
ᠰᠥᠨᠢ ᠵᠢ ᠪᠣᠯᠵᠣᠮᠣᠷ᠎ᠤᠨ ᠬᠣᠰᠢᠭᠤᠨ᠎ᠳᠤ ᠵᠠᠭᠤᠯᠭ᠋ᠠᠭ᠋ᠠᠳ
ᠨᠣᠢ᠌ᠷ ᠵᠶ᠋ᠠᠨ ᠭᠡᠭᠡᠭᠰᠡᠨ ᠭᠡᠯᠦᠭᠮᠡ ᠨᠠᠷ᠎ᠲᠤ ᠥᠭᠭᠦᠮᠡᠷ ᠪᠤᠯᠬᠤ ᠶᠤᠮ
ᠪᠦᠷᠬᠦᠭ ᠪᠣᠷᠣᠭ᠎ᠠ᠎ᠲᠠᠢ ᠡᠳᠦᠷ᠎ᠤᠳ᠎ᠲᠤ
ᠴᠠᠭ᠋ᠠᠨ ᠮᠥᠭᠦ ᠤᠷᠭᠤᠲᠠᠯᠠ ᠤᠨᠲᠠᠭ᠋ᠠᠳ ᠁
ᠰᠡᠷᠡᠭᠡᠳ
ᠴᠡᠩᠬᠡᠷ ᠮᠠᠨᠠᠨ ᠬᠥᠰᠢᠭᠡᠯᠡᠭᠰᠡᠨ ᠠᠭᠤᠯᠠᠰ᠎ᠤᠨ ᠳᠤᠮᠳᠠ
ᠠᠯᠠᠭ ᠲᠡᠪᠡᠯ᠎ᠲᠠᠢ ᠬᠡᠷᠡᠮᠦ ᠰᠢᠭ ᠰᠡᠷᠭᠦᠯᠡᠩ ᠰᠢᠯᠦᠭ ᠵᠶ᠋ᠠᠨ ᠪᠢᠴᠢᠨᠡᠮ
ᠪᠦᠷᠬᠦᠭ ᠪᠣᠷᠣᠭ᠎ᠠ᠎ᠲᠠᠢ ᠡᠳᠦᠷ᠎ᠤᠳ᠎ᠲᠤ
ᠰᠢᠷᠭ᠋ᠠᠯ ᠵᠡᠷᠭᠡᠯᠭᠡᠨ ᠤᠷᠤᠰᠲᠠᠯ᠎ᠠ ᠤᠨᠲᠠᠭ᠋ᠠᠳ ᠁
ᠰᠡᠷᠡᠭᠡᠳ
ᠠᠯᠲᠠ ᠣᠰᠣᠨᠠᠴᠠᠨᠢ ᠠᠮᠰᠠᠭᠰᠠᠨ ᠴᠣᠬᠣᠷ ᠪᠤᠭᠤ
ᠮᠡᠨᠳᠦᠴᠢᠯᠡᠭᠡ ᠪᠣᠯᠭ᠋ᠠᠨ ᠡᠪᠡᠷ ᠵᠶ᠋ᠠᠨ ᠪᠡᠯᠭᠡᠯᠡᠬᠦ ᠰᠢᠭ ᠰᠢᠯᠦᠭ ᠪᠢᠴᠢᠨᠡᠮ
ᠪᠦᠷᠬᠦᠭ ᠪᠣᠷᠣᠭ᠎ᠠ᠎ᠲᠠᠢ ᠡᠳᠦᠷ᠎ᠤᠳ᠎ᠲᠤ
ᠪᠥᠬᠥᠢ᠌ᠵᠦ ᠰᠠᠭᠤᠭ᠋ᠠᠳ ᠦᠨᠢᠶ᠎ᠡ ᠰᠠᠭ᠋ᠠᠳᠠᠭ ᠡᠵᠢ᠎ᠪᠠᠨ
ᠨᠣᠢ᠌ᠲᠠᠨ ᠡᠪᠡᠰᠦᠨ᠎ᠤ ᠳᠤᠮᠳᠠ᠎ᠠᠴᠠ ᠮᠥᠷ᠎ᠢ᠎ᠨᠢ ᠭᠡᠷᠡᠯᠳᠦᠲᠡᠯᠡ ᠰᠢᠯᠦᠭ ᠪᠢᠴᠢᠨᠡᠮ
ᠪᠦᠷᠬᠦᠭ ᠪᠣᠷᠣᠭ᠎ᠠ᠎ᠲᠠᠢ ᠡᠳᠦᠷ᠎ᠤᠳ᠎ᠲᠤ
ᠪᠡᠶ᠎ᠡ ᠵᠢᠨ ᠮᠢᠨᠢ ᠳᠤᠮᠳᠠᠭᠤᠷ ᠤᠷᠤᠰᠬᠤ ᠴᠢᠰᠤ᠎ᠪᠠᠨ ᠦᠶᠡᠷᠯᠡᠭᠦᠯᠦᠨ
ᠦᠶ᠎ᠡ ᠦᠶ᠎ᠡ ᠵᠢ ᠮᠢᠨᠢ ᠦᠷᠡᠵᠢᠭᠦᠯᠦᠭᠰᠡᠨ ᠡᠬᠡ ᠣᠷᠣᠨ᠎ᠳᠠᠭᠠᠨ
ᠪᠣᠷᠣᠭ᠋ᠠᠨ᠎ᠤ ᠰᠣᠯᠣᠩᠭ᠎ᠠ ᠬᠤᠪᠢᠯᠬᠤ ᠣᠯᠠᠨ ᠣᠯᠠᠨ ᠰᠢᠯᠦᠭ ᠪᠢᠴᠢᠨᠡᠮ!
ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ