ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠰᠠᠯᠬᠢᠨ᠎ᠤ ᠠᠮᠲᠠ

ᠨᠡᠶ᠋ᠢᠲᠡᠯᠡᠭᠰᠡᠨ ᠴᠠᠭ᠄   2024-08-07


                    ᠵᠣᠬᠢᠶᠠᠭᠴᠢ᠄ ᠴᠢ᠊ ·ᠨᠠᠷᠠᠨᠲᠤᠶᠠᠭ᠎ᠠ


ᠠᠭᠤᠵᠢᠭᠤ ᠠᠮᠢᠰᠬᠤᠬᠤ ᠲᠤᠳᠤᠮ ᠤᠳᠠᠭ᠋ᠠᠨ ᠪᠠᠢ᠌ᠮᠠᠷ ᠰᠠᠨᠠᠭᠳᠠᠨ᠎ᠠ
ᠠᠶᠠᠯᠭᠤ ᠵᠥᠭᠡᠯᠡᠨ ᠰᠠᠯᠬᠢᠨ᠎ᠤ ᠳᠤᠮᠳᠠ —
ᠠᠨᠢᠷᠭᠦ᠋ᠢ᠍ᠭᠡᠨ ᠢᠷᠡᠭᠡᠳ ᠬᠠᠴᠠᠷ ᠨᠢᠭᠤᠷ᠎ᠢ ᠦᠨᠦᠰᠦᠨ ᠲᠠᠭ᠋ᠠᠯᠠᠵᠤ
ᠠᠯᠳᠠᠷᠠᠢ ᠪᠠᠭ᠎ᠠ ᠨᠠᠰᠤᠨ᠎ᠤ ᠨᠠᠨᠳᠢᠨ ᠳᠤᠷᠠᠰᠤᠯ᠎ᠤᠳ᠎ᠢ
ᠳᠠᠭᠤᠤ ᠪᠤᠯᠭ᠋ᠠᠵᠤ ᠨᠠᠳᠠ ᠳᠠᠭᠤᠯᠠᠵᠤ ᠥᠭᠭᠦᠭᠡᠳ
ᠳᠠᠩᠴᠢ ᠵᠢᠷᠭ᠋ᠠᠯᠲᠠᠢ ᠴᠠᠭ ᠮᠥᠴᠡ ᠵᠢ ᠪᠤᠳᠤᠯ᠎ᠳᠤ ᠠᠷᠭ᠋ᠠᠮᠵᠢᠨ᠎ᠠ


ᠲᠠᠭ᠋ᠠᠲᠠᠢ ᠪᠠᠢ᠌ᠬᠤ ᠲᠤᠳᠤᠮ ᠲᠠᠭ᠋ᠠᠭ᠋ᠠᠳ ᠶᠠᠪᠤᠮᠠᠷ ᠪᠣᠯᠣᠨ᠎ᠠ
ᠲᠠᠭ᠋ᠠᠨ᠎ᠠ ᠵᠢᠨ ᠦᠨᠦᠷ᠎ᠲᠠᠢ ᠰᠠᠯᠬᠢ ᠵᠢ —
ᠳᠡᠩᠳᠡᠭᠦᠦ ᠭᠡᠨᠡᠨ ᠳᠤᠷᠠᠯᠠᠯ᠎ᠢ ᠮᠢᠨᠢ
ᠲᠠᠷᠡᠰᠤ ᠪᠤᠯᠭ᠋ᠠᠵᠤ ᠨᠠᠳᠠ ᠬᠡᠮᠨᠡᠵᠦ ᠠᠮᠰᠠᠭᠤᠯᠤᠭ᠋ᠠᠳ
ᠲᠠᠩᠬᠢᠯ ᠵᠠᠯᠠᠭᠤ ᠨᠠᠰᠤᠨ᠎ᠤ ᠬᠦᠰᠡᠯ ᠮᠥᠷᠥᠭᠡᠳᠦᠯ᠎ᠨᠦᠭᠦᠳ᠎ᠢ
ᠲᠡᠷᠭᠡᠯ ᠵᠡᠭᠦᠳᠦᠨ᠎ᠳᠤ ᠴᠡᠴᠡᠭ᠎ᠤᠨ ᠬᠤᠷ᠎ᠠ᠎ᠲᠠᠢ ᠱᠠᠭᠢᠭᠤᠯᠤᠨ᠎ᠠ


ᠳᠠᠭᠤᠯᠠᠬᠤ ᠲᠤᠳᠤᠮ ᠬᠣᠷᠭᠣᠳᠠᠮᠠᠷ ᠪᠤᠯᠬᠤ ᠰᠡᠳᠬᠢᠯ
ᠪᠠᠯᠭᠤᠬᠤ ᠲᠤᠲᠤᠮ ᠵᠢᠡᠷ ᠰᠡᠷᠭᠦᠯᠡᠩ ᠲᠠᠷᠠᠰᠤ ᠰᠢᠭ᠋ ᠳᠤᠷᠠᠰᠤᠮᠵᠢ ᠵᠢ
ᠲᠣᠷᠭ᠎ᠠ ᠰᠢᠭ᠋ ᠵᠥᠭᠡᠯᠡᠨ ᠲᠤᠷᠤᠨ᠎ᠠ ᠵᠢᠨ ᠲᠤᠷᠳᠤᠩ ᠰᠠᠯᠬᠢ
ᠲᠣᠯᠲᠣ ᠵᠢᠷᠦᠬᠡᠨ᠎ᠳᠤ ᠬᠠᠢ᠌ᠷ᠎ᠠ ᠵᠢᠨ ᠠᠮᠲᠠ᠎ᠲᠠᠢ ᠪᠡᠯ ᠪᠣᠯᠭ᠋ᠠᠨ ᠨᠠᠢ᠌ᠷᠠᠨ᠎ᠠ



ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ