ᠵᠤᠨ
ᠨᠡᠶ᠋ᠢᠲᠡᠯᠡᠭᠰᠡᠨ ᠴᠠᠭ᠄ 2024-08-07
ᠵᠣᠬᠢᠶᠠᠭᠴᠢ᠄ ᠬᠣᠨᠢᠴᠢᠨ ᠠ᠊·ᠵᠢᠷᠠ
ᠰᠠᠷᠠᠨ ᠠᠶᠠᠯᠭᠤ ᠴᠢᠪᠬᠠᠳᠠᠭᠰᠠᠨ
ᠰᠦᠮᠡᠨ ᠴᠡᠩᠬᠡᠷ ᠳᠤᠷᠠᠯᠠᠯ ᠵᠶ᠋ᠠᠨ
ᠮᠣᠷᠢᠨ ᠬᠤᠭᠤᠷ᠎ᠲᠠᠭᠠᠨ ᠬᠥᠭᠯᠡᠭᠡᠳ
ᠤᠷᠲᠤ ᠵᠢᠨ ᠳᠠᠭᠤᠤ᠎ᠳᠤ ᠨᠡᠭᠦᠳᠡᠯᠯᠡᠬᠦ᠎ᠪᠠᠷ
ᠪᠣᠷᠣᠭ᠎ᠠ ᠪᠢᠳᠠ ᠬᠣᠶᠠᠷ
ᠵᠤᠨ᠎ᠤ ᠰᠠᠢ᠌ᠬᠠᠨ ᠮᠥᠷᠥᠭᠡᠳᠦᠯ᠎ᠳᠤ ᠳᠡᠯᠭᠡᠷᠡᠨ᠎ᠡ
ᠵᠤᠨᠵᠢᠨ ᠢᠨᠠᠭᠯᠠᠭᠰᠠᠨ ᠮᠥᠴᠢᠷ᠎ᠢ
ᠠᠯᠳᠠᠭᠤᠯ ᠰᠠᠯᠬᠢᠨ ᠦᠨᠦᠰᠴᠢᠬᠡᠭᠡᠳ
ᠪᠣᠷᠣ ᠬᠡᠦᠬᠡᠨ᠎ᠤ ᠪᠣᠯᠵᠣᠭ᠋ᠠᠨᠳᠤ
ᠠᠳᠤᠭᠤᠴᠢᠨ ᠬᠠᠷ᠎ᠠ ᠬᠦᠦ ᠰᠠᠭ᠋ᠠᠲᠠᠬᠤᠳᠤ
ᠪᠣᠷᠣᠭ᠎ᠠ ᠪᠢᠳᠠ ᠬᠣᠶᠠᠷ
ᠵᠤᠨ ᠴᠠᠭ᠎ᠤᠨ ᠤᠷᠤᠰᠬᠠᠯ᠎ᠳᠤ ᠨᠢᠯᠬᠠᠷᠠᠨ᠎ᠠ
ᠨᠤᠲᠤᠭ᠎ᠤᠨ ᠴᠢᠯᠠᠭᠤᠳ
ᠨᠠᠷᠠᠨ᠎ᠳᠤ ᠵᠤᠯᠠᠢ᠎ᠪᠠᠨ ᠢᠯᠪᠢᠭᠦᠯᠴᠢᠬᠡᠭᠡᠳ
ᠲᠣᠷᠭ᠋ᠠᠨ ᠬᠠᠷᠠᠴᠠ᠎ᠪᠠᠷ ᠵᠶ᠋ᠠᠨ
ᠴᠢᠮ᠎ᠠ ᠤᠷᠤᠭᠤ ᠰᠢᠷᠲᠡᠭᠦ᠎ᠳᠤ
ᠪᠣᠷᠣᠭ᠎ᠠ ᠪᠢᠳᠠ ᠬᠣᠶᠠᠷ
ᠵᠤᠨ ᠵᠦᠭ᠎ᠲᠤ ᠬᠥᠲᠥᠯᠥᠭᠳᠡᠨᠡ
ᠠᠳᠤᠭᠤ᠎ᠲᠠᠢ ᠬᠣᠨᠣᠭᠰᠠᠨ ᠰᠥᠨᠢ
ᠠᠶᠠᠨ᠎ᠤ ᠰᠢᠪᠠᠭᠤᠳ ᠵᠢᠭᠦᠷ ᠵᠶ᠋ᠠᠨ ᠬᠤᠮᠢᠵᠤ
ᠨᠠᠮᠤᠭᠤᠬᠠᠨ ᠬᠠᠷᠠᠴᠠᠨ᠎ᠳᠤᠨᠢ
ᠴᠡᠴᠡᠭᠡᠰ ᠭᠠᠩᠬᠤᠨ ᠮᠦᠰᠢᠶᠡᠬᠦ᠎ᠳᠤ
ᠪᠣᠷᠣᠭ᠎ᠠ ᠪᠢᠳᠠ ᠬᠣᠶᠠᠷ
ᠵᠤᠨ᠎ᠤ ᠪᠣᠯᠵᠣᠭ᠋ᠠᠨᠳᠤ ᠬᠣᠷᠭᠣᠳᠠᠨ᠎ᠠ
ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ